ᠣᠳᠬᠠᠨᠲᠤᠶᠠᠭ᠎ᠠ᠂ ᠮᠣᠩᠭᠣᠯ
ᠤᠯᠤᠰ ᠤᠨ ᠰᠣᠶᠣᠯ ᠤᠨ ᠲᠡᠷᠢᠭᠦᠨ ᠦ ᠠᠵᠢᠯᠲᠠᠨ᠃ ᠰᠢᠯᠢ ᠶ᠋ᠢᠨ ᠭᠣᠣᠯ ᠠᠶᠢᠮᠠᠭ ᠤᠨ ᠰᠥᠨᠢᠳ ᠵᠡᠭᠦᠨ
ᠬᠣᠰᠢᠭᠤᠨ ᠤ ᠨᠠᠷᠠᠨᠪᠤᠯᠠᠭ ᠰᠤᠮᠤᠨ ᠤ ᠲᠠᠷᠠᠭᠤᠨᠨᠠᠭᠤᠷ ᠭᠠᠴᠠᠭᠠᠨ ᠤ ᠮᠠᠯᠴᠢᠨ ᠷᠢᠨᠴᠢᠨᠳᠣᠷᠵᠢ᠂
ᠣᠶᠤᠨ ᠤ ᠠᠶᠢᠯ ᠭᠡᠷ ᠦᠨ ᠬᠢᠨ ᠨᠢ ᠭᠣᠯᠣᠮᠲᠠ ᠶ᠋ᠢ ᠪᠠᠳᠠᠷᠠᠭᠠᠨ ᠠᠷᠢᠭᠤᠨ ᠬᠠᠶᠢᠷ᠎ᠠ ᠶ᠋ᠢᠨ ᠬᠢᠨ
ᠬᠥᠪᠴᠢ ᠶ᠋ᠢ ᠴᠢᠪᠬᠠᠳᠠᠨ ᠣᠳᠬᠠᠨ ᠥᠬᠢᠨ ᠨᠢ ᠪᠣᠯᠵᠤ ᠵᠠᠶᠠᠭᠠᠵᠠᠢ᠃ ᠲᠡᠷᠡᠪᠡᠷ ᠬᠠᠷᠠᠬᠠᠨ
ᠪᠠᠭ᠎ᠠ ᠡᠴᠠ ᠪᠠᠨ ᠦᠶ᠎ᠡ ᠳᠠᠮᠵᠢᠨ ᠳᠠᠭᠤᠯᠠᠭᠳᠠᠨ ᠤᠯᠠᠮᠵᠢᠯᠠᠵᠤ ᠢᠷᠡᠭᠰᠡᠨ ᠤᠶᠠᠩᠭᠠᠨ ᠳᠦᠷᠢᠯᠡᠭᠡ
ᠲᠠᠢ ᠤᠷᠲᠤ ᠶ᠋ᠢᠨ ᠳᠠᠭᠤᠤ ᠶ᠋ᠢᠨ ᠢᠶ᠋ᠡᠨ ᠲᠣᠷᠭᠠᠨ ᠡᠭᠡᠰᠢᠭ ᠲᠦ ᠪᠦᠪᠡᠶᠢᠯᠡᠭᠳᠡᠨ᠂ ᠰᠣᠯᠣᠩᠭᠠᠨ
ᠡᠭᠡᠰᠢᠭ ᠲᠠᠢ ᠰᠥᠨᠢᠳ ᠨᠤᠲᠤᠭ ᠤᠨ ᠢᠶᠡᠨ ᠥᠷᠥᠴᠡᠨ ᠡᠴᠡ ᠠᠵᠠ ᠶ᠋ᠢᠨ ᠬᠡᠶᠢᠮᠣᠷᠢ ᠶ᠋ᠢ ᠳᠠᠯᠠᠯᠤᠨ᠂
ᠠᠯᠤᠰ ᠤᠨ ᠬᠦᠰᠡᠯ ᠢ ᠡᠪᠦᠷᠯᠡᠵᠦ᠂ ᠠᠷᠠᠳ ᠤᠨ ᠳᠠᠭᠤᠤ ᠶ᠋ᠢᠨ ᠢᠶ᠋ᠡᠨ ᠠᠷᠢᠭᠤᠨ ᠰᠢᠮ᠎ᠡ ᠳᠦ
ᠬᠥᠲᠥᠯᠥᠭᠳᠡᠨ᠂ 2003 ᠣᠨ ᠡᠴᠠ ᠮᠣᠩᠭᠣᠯ ᠤᠯᠤᠰ ᠤᠨ 《 ᠭᠣᠨᠴᠣᠭᠰᠣᠮᠯᠠᠢ ᠨᠡᠷᠡᠮᠵᠢᠲᠦ 》 ᠬᠥᠭᠵᠢᠮ
ᠪᠥᠵᠢᠭ ᠦᠨ ᠳᠡᠭᠡᠳᠦ ᠰᠤᠷᠭᠠᠭᠤᠯᠢ ᠳᠦ ᠮᠣᠩᠭᠣᠯ ᠤᠯᠤᠰ ᠤᠨ ᠲᠥᠷᠥ ᠶ᠋ᠢᠨ ᠱᠠᠩᠨᠠᠯᠲᠤ ᠠᠷᠠᠳ ᠤᠨ
ᠵᠦᠴᠦᠭᠡᠴᠢᠨ ᠴᠢᠮᠡᠳᠴᠢᠶᠡ ᠭᠤᠸᠠᠢ ᠶ᠋ᠢᠨ ᠭᠠᠷ ᠱᠠᠪᠢ ᠨᠢ ᠪᠣᠯᠵᠤ ᠭᠤᠷᠪᠠᠨ ᠵᠢᠯ ᠰᠤᠷᠤᠯᠴᠠᠨ᠂
2009 ᠣᠨ ᠡᠴᠠ ᠵᠡᠭᠦᠨ ᠦᠵᠦᠮᠦᠴᠢᠨ ᠬᠣᠰᠢᠭᠤᠨ ᠤ ᠤᠯᠠᠭᠠᠨᠮᠥ᠋ᠴᠢᠷ ᠲᠤ ᠠᠵᠢᠯ ᠤᠨ ᠭᠠᠷᠤᠭ᠎ᠠ ᠪᠠᠨ
ᠠᠪᠴᠤ ᠠᠵᠢᠯᠯᠠᠭᠰᠠᠨ ᠪᠠᠶᠢᠨ᠎ᠠ᠃ ᠲᠡᠷᠡ ᠮᠠᠨᠢ ᠥᠪᠡᠷ ᠦᠨ ᠬᠡᠮᠡᠬᠦ ᠣᠨᠴᠠᠯᠢᠭ᠂ ᠬᠡᠪ ᠨᠠᠮᠪᠠ᠂
ᠤᠶᠠᠩᠭᠠᠯᠢᠭ ᠢᠳᠡᠷᠡᠭᠦᠨ ᠬᠣᠭᠣᠯᠠᠢ ᠪᠠᠷ ᠢᠶᠡᠨ ᠣᠯᠠᠨ ᠤ ᠳᠤᠮᠳᠠ ᠣᠨᠴᠠᠭᠠᠶᠢᠷᠠᠨ᠂ ᠤᠷᠢᠳ ᠬᠣᠵᠢᠳ
ᠣᠯᠠᠨ ᠤᠳᠠᠭᠠᠨ ᠤ ᠤᠷᠤᠯᠳᠤᠭᠠᠨ ᠲᠡᠮᠡᠴᠡᠭᠡᠨ ᠳᠦ ᠣᠯᠠᠨ ᠰᠠᠶᠢᠬᠠᠨ ᠱᠠᠩᠨᠠᠯ ᠢᠶ᠋ᠡᠷ
ᠡᠩᠭᠡᠷ ᠢᠶ᠋ᠡᠨ ᠮᠢᠯᠢᠶᠠᠯᠭᠠᠵᠤ ᠶᠠᠪᠤᠵᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ
ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ