ᠪᠡᠶ᠎ᠡ ᠪᠠᠨ ᠵᠦᠪ ᠲᠠᠨᠢᠶ᠎ᠠ

ᠤᠩᠰᠢᠭᠰᠠᠨ ᠤᠳᠠᠭ᠎ᠠ ᠄ 2169    ᠨᠡᠶᠢᠳᠡᠯᠡᠭᠰᠡᠨ ᠴᠠᠭ ᠄ 2017-04-14

ᠮᠣᠩᠭᠣᠯᠴᠣᠳ ᠠᠯᠢ ᠡᠷᠳᠡ ᠡᠴᠠ ᠄ 《 ᠪᠠᠶ᠎ᠠ ᠪᠠᠨ ᠮᠡᠳᠡᠪᠡᠯ ᠬᠦᠮᠦᠨ ᠪᠡᠯᠴᠢᠬᠡᠷ ᠢᠶᠡᠨ ᠮᠡᠳᠡᠪᠡᠯ ᠮᠠᠯ 》 ᠬᠡᠵᠦ ᠰᠡᠴᠡᠯᠡᠭᠰᠡᠨ ᠪᠠᠢᠳᠠᠭ᠃ ᠬᠦᠮᠦᠨ ᠶᠢᠷᠳᠢᠡᠴᠦ ᠳ᠋ᠤ ᠲᠦᠷᠦᠵᠦ ᠮᠡᠳᠡᠬᠡ ᠣᠷᠣᠬᠰᠠᠭᠠᠷ ᠦᠪᠡᠷ ᠪᠣᠰᠣᠳ ᠢ ᠲᠠᠨᠢᠵᠦ ᠡᠬᠢᠯᠡᠳᠡᠭ᠃ ᠲᠡᠬᠡᠬᠦ ᠳ᠋ᠡᠭᠡᠨ ᠦᠪᠡᠷ ᠢ ᠪᠠᠨ ᠭᠣᠷᠪᠠᠨ ᠵᠣᠢᠯ ᠤᠨ ᠬᠡᠯᠪᠡᠷᠢ ᠪᠠᠷ ᠲᠠᠨᠢᠳᠠᠭ ᠃ ᠨᠢᠬᠡ ᠳ᠋ᠤ᠂ ᠲᠣᠯᠢᠨ ᠳ᠋ᠤ ᠦᠵᠡᠵᠦ ᠲᠠᠨᠢᠨ᠎ᠠ᠃ ᠬᠣᠶᠠᠷ ᠲᠤ᠂ ᠦᠪᠡᠷ ᠤᠨ ᠮᠡᠳᠡᠷᠡᠮᠵᠢ ᠪᠠᠷ ᠲᠠᠨᠢᠨ᠎ᠠ᠃ ᠭᠣᠷᠪᠠ ᠳ᠋ᠤ᠂ ᠪᠣᠰᠣᠳ ᠤᠨ ᠨᠢᠳᠦᠨ ᠡᠴᠠ ᠪᠡᠶ᠎ᠡ ᠪᠠᠨ ᠬᠠᠷᠠᠵᠣ ᠲᠠᠨᠢᠳᠠᠭ᠃ ᠲᠣᠯᠢᠨ ᠳ᠋ᠤ ᠵᠢᠰᠦ ᠪᠠᠨ ᠦᠵᠡᠬᠦ ᠨᠢ ᠦᠪᠡᠷ ᠤᠨ ᠲᠦᠷᠦᠭᠰᠡᠨ ᠰᠢᠡᠵᠢ ᠶ᠋ᠢ ᠣᠯᠵᠣ ᠮᠡᠳᠡᠨ᠎ᠡ᠃ ᠦᠪᠡᠷ ᠤᠨ ᠮᠡᠳᠡᠷᠡᠮᠵᠢ ᠪᠠᠷ ᠲᠠᠨᠢᠨ᠎ᠠ ᠬᠡᠳᠡᠭ ᠨᠢ ᠦᠪᠡᠷ ᠢ ᠪᠠᠨ ᠮᠡᠳᠡᠷᠡᠨ ᠦᠨᠡᠯᠡᠬᠦ ᠶ᠋ᠢ ᠬᠡᠯᠡᠵᠦ ᠪᠣᠢ᠃ ᠬᠡᠬᠦ ᠳ᠋ᠡᠭᠡᠨ ᠡᠬᠦᠨ ᠳ᠋ᠤ ᠣᠰᠣᠯ ᠪᠣᠷᠣᠭᠣ ᠬᠠᠵᠠᠭᠠᠢ ᠵᠦᠷᠢᠬᠦᠣ ᠦᠨᠡᠯᠡᠬᠦ ᠪᠠᠶᠢᠳᠠᠯ ᠣᠷᠣᠰᠢᠵᠦ ᠪᠠᠶᠢᠬᠤ ᠨᠢ ᠵᠠᠢᠯᠠᠰᠢ ᠦᠬᠡᠢ᠃ ᠪᠣᠰᠣᠳ ᠤᠨ ᠨᠢᠳᠦ ᠡᠴᠠ ᠪᠡᠶ᠎ᠡ ᠪᠠᠨ ᠣᠯᠵᠣ ᠬᠠᠷᠠᠬᠣ ᠨᠢ ᠦᠪᠡᠷ ᠤᠨ ᠵᠢᠰᠦ ᠴᠢᠷᠠᠢ᠂ ᠲᠦᠯᠦᠪ ᠪᠠᠶᠢᠳᠠᠯ ᠪᠣᠯᠣᠨ ᠬᠦᠮᠦᠨ ᠮᠦᠰᠦ ᠪᠠᠨ ᠣᠯᠵᠣ ᠬᠠᠷᠠᠳᠠᠭ᠃ ᠲᠡᠶᠢᠮᠦ ᠡᠴᠠ ᠪᠡᠶ᠎ᠡ ᠪᠠᠨ ᠵᠦᠪ ᠲᠠᠨᠢᠶ᠎ᠠ ᠬᠡᠪᠡᠯ ᠦᠪᠡᠷ ᠢ ᠪᠠᠨ ᠵᠦᠪ ᠦᠨᠡᠯᠡᠬᠦ ᠪᠠᠷ ᠪᠠᠷᠠᠬᠣ ᠦᠬᠡᠢ ᠪᠠᠰᠠ ᠨᠡᠩ ᠴᠢᠬᠣᠯᠠ ᠨᠢ ᠪᠣᠰᠣᠳ ᠤᠨ ᠦᠨᠡᠯᠡᠯᠳᠡ ᠶ᠋ᠢ ᠡᠷᠬᠡᠪᠰᠢ ᠬᠢᠴᠢᠶᠠᠨ ᠰᠣᠨᠣᠰᠬᠣ ᠬᠡᠷᠡᠭᠳᠡᠢ᠃

ᠪᠡᠶ᠎ᠡ ᠪᠠᠨ ᠵᠦᠪ ᠲᠠᠨᠢᠶ᠎ᠠ ᠬᠡᠪᠡᠯ ᠡᠷᠬᠡᠪᠰᠢ ᠪᠡᠶ᠎ᠡ ᠪᠠᠨ ᠮᠡᠳᠡᠬᠦ ᠬᠡᠷᠡᠭᠳᠡᠢ᠃ ᠪᠡᠶ᠎ᠡ ᠪᠠᠨ ᠶᠡᠷᠦ ᠪᠣᠰᠣ ᠬᠡᠮᠡᠨ ᠦᠵᠡᠵᠦ ᠪᠡᠶ᠎ᠡ ᠪᠠᠨ ᠵᠦᠪᠳᠣᠬᠡᠵᠦ ᠪᠣᠯᠬᠣ ᠦᠬᠡᠢ᠂ ᠨᠡᠩ ᠪᠡᠶ᠎ᠡ ᠪᠠᠨ ᠬᠦᠩᠬᠡᠪᠴᠢᠯᠡᠨ ᠪᠡᠶ᠎ᠡ ᠪᠠᠨ ᠦᠬᠡᠢ ᠬᠢᠬᠦ᠂ ᠪᠡᠶ᠎ᠡ ᠪᠠᠨ ᠭᠣᠯᠣᠵᠣ ᠭᠣᠳᠣᠷᠠᠵᠣ ᠪᠣᠯᠬᠣ ᠦᠬᠡᠢ᠂ ᠬᠠᠷᠢᠨ ᠦᠨᠡᠨ ᠡᠴᠠ ᠵᠦᠪ ᠢ ᠡᠷᠢᠬᠦ ᠣᠪᠣᠷ᠂ ᠣᠷᠬᠢᠯᠣᠮ᠎ᠠ ᠲᠡᠬᠦᠯᠳᠡᠷ ᠣᠷᠮ᠎ᠠ ᠰᠡᠳᠬᠢᠯᠬᠡ ᠪᠠ ᠴᠦᠬᠦᠷᠡᠯ ᠦᠬᠡᠢ ᠴᠢᠷᠮᠠᠢᠬᠣ ᠵᠣᠷᠢᠭ ᠰᠠᠨᠠᠭ᠎ᠠ᠂ ᠢᠳᠡᠪᠬᠢᠳᠡᠢ ᠪᠠᠷ ᠣᠷᠣᠬᠰᠢ ᠲᠠᠪᠰᠢᠬᠣ ᠪᠣᠳᠠᠳᠦ ᠠᠵᠢᠯᠯᠠᠭ᠎ᠠ ᠪᠠᠷ ᠢᠶᠡᠨ ᠦᠪᠡᠷ ᠤᠨ ᠵᠢᠩᠬᠢᠨᠢ ᠦᠨ᠎ᠡ ᠦᠷᠳᠡᠭ ᠢᠶᠡᠨ ᠦᠵᠡᠬᠦᠯᠵᠦ ᠬᠠᠷᠠᠭᠣᠯᠬᠣ ᠬᠡᠷᠡᠭᠳᠡᠢ ᠃      


ᠵᠠᠩ ᠬᠠᠢ ᠳ᠋ᠢ ᠲᠠᠪᠣᠨ ᠨᠠᠰᠣᠳᠡᠢ ᠳᠠᠭᠠᠨ ᠰᠡᠬᠡᠷ ᠨᠢᠷᠣᠭᠣᠨ ᠤ ᠴᠢᠰᠣᠨ ᠰᠣᠳᠠᠯ ᠤᠨ ᠬᠠᠪᠣᠳᠠᠷ ᠲᠤ ᠨᠡᠷᠪᠡᠭᠳᠡᠵᠦ ᠲᠣᠣᠷ᠎ᠠ ᠪᠡᠶ᠎ᠡ ᠶ᠋ᠢᠨ ᠦᠡᠳᠦᠷ ᠪᠠᠢᠷᠢᠳᠦ ᠰᠠ ᠡᠪᠡᠳᠴᠢᠨ ᠪᠣᠯᠣᠬᠰᠠᠨ ᠢᠶᠠᠷ ᠲᠡᠷᠡ ᠰᠣᠷᠭᠠᠭᠣᠯᠢ ᠳ᠋ᠤ ᠰᠠᠭᠣᠵᠣ ᠪᠢᠴᠢᠭ ᠦᠵᠡᠵᠦ ᠴᠢᠳᠠᠬᠰᠠᠨ ᠦᠬᠡᠢ᠃ ᠬᠡᠪᠡᠴᠦ ᠲᠡᠷᠡ ᠦᠰᠴᠦ ᠦᠬᠡᠯᠡᠢ ᠪᠣᠯᠣᠬᠰᠠᠨ ᠬᠣᠶᠢᠨ᠎ᠠ ᠪᠡᠶ᠎ᠡ ᠪᠠᠨ ᠵᠦᠪ ᠲᠠᠨᠢᠵᠦ ᠭᠣᠳᠣᠷᠠᠵᠣ ᠴᠦᠬᠦᠷᠡᠬᠦ ᠦᠬᠡᠢ ᠢᠳᠡᠬᠡᠯ ᠲᠡᠬᠦᠰ ᠢᠶᠠᠷ ᠢᠷᠡᠬᠡᠳᠦᠢ ᠳ᠋ᠡᠭᠡᠨ ᠬᠠᠡᠳᠣᠪᠠ᠃ ᠲᠡᠷᠡ ᠬᠠᠳᠠᠭᠣᠵᠢᠯᠳᠡᠢ ᠪᠠᠷ ᠦᠪᠡᠰᠦᠪᠡᠨ ᠰᠣᠷᠴᠦ ᠪᠠᠭ᠎ᠠ ᠰᠣᠷᠭᠠᠭᠣᠯᠢ᠂ ᠲᠣᠮᠳᠠᠳᠦ ᠰᠣᠷᠭᠠᠭᠣᠯᠢ᠂ ᠶᠡᠬᠡ ᠰᠣᠷᠭᠠᠭᠣᠯᠢ ᠶ᠋ᠢᠨ ᠰᠣᠷᠣᠯᠭ᠎ᠠ ᠶ᠋ᠢ ᠲᠡᠬᠦᠰᠬᠡᠬᠡᠳ ᠬᠦᠨ ᠣᠬᠠᠭᠠᠨ ᠤ ᠮᠠᠰᠲ᠋ᠸᠷ ᠴᠣᠯᠠ ᠬᠠᠮᠠᠭᠠᠯᠠᠪᠠ᠃ ᠲᠡᠷᠡ ᠪᠣᠯ ᠪᠦᠬᠦ ᠣᠯᠣᠰ ᠤᠨ ᠣᠯᠣᠰ ᠲᠦᠷᠦ ᠶ᠋ᠢᠨ ᠵᠦᠪᠯᠡᠯᠬᠡᠨ ᠤ ᠪᠠᠶᠢᠩᠭᠤ ᠶ᠋ᠢᠨ ᠬᠡᠰᠢᠬᠦᠨ᠂ ᠪᠦᠬᠦ ᠣᠯᠣᠰ ᠤᠨ ᠵᠡᠮᠳᠡᠭᠴᠣᠳ ᠤᠨ ᠬᠣᠯᠪᠣᠭᠠᠨ ᠤ ᠲᠡᠷᠢᠬᠦᠯᠡᠭᠴᠢ᠂ ᠲᠣᠮᠳᠠᠳᠦ ᠣᠯᠣᠰ ᠤᠨ ᠵᠡᠮᠳᠡᠭᠴᠣᠳ ᠤᠨ ᠣᠯᠢᠮᠫᠢᠺ ᠤᠨ ᠴᠣᠬᠯᠠᠭᠠᠨ ᠤ ᠲᠡᠷᠢᠬᠦᠯᠡᠭᠴᠢ ᠵᠡᠷᠬᠡ ᠲᠣᠰᠢᠶᠠᠯ ᠢ ᠬᠦᠢᠴᠡᠳᠬᠡᠵᠦ ᠶᠠᠪᠣᠭ᠎ᠠ ᠲᠣᠮᠳᠠᠳᠦ ᠣᠯᠣᠰ ᠤᠨ ᠠᠯᠳᠠᠷᠳᠦ ᠵᠡᠮᠳᠡᠭ ᠵᠣᠬᠢᠶᠠᠯᠴᠢ ᠶᠣᠮ᠃ ᠲᠡᠷᠡ ᠪᠠᠰᠠ ᠪᠦᠬᠦ ᠣᠯᠣᠰ ᠤᠨ 《 ᠬᠦᠳᠡᠯᠮᠦᠷᠢ ᠶ᠋ᠢᠨ ᠵᠢᠱᠢᠶᠡᠴᠢ 》᠂ ᠪᠦᠬᠦ ᠣᠯᠣᠰ ᠤᠨ 《3 · 8 》 ᠤ ᠣᠯᠠᠭᠠᠨ ᠲᠣᠬᠴᠢ᠂ ᠪᠦᠬᠦ ᠣᠯᠣᠰ ᠤᠨ 《 ᠦᠪᠡᠰᠦᠪᠡᠨ ᠬᠦᠴᠦᠷᠬᠡᠭᠵᠢᠭᠰᠡᠨ ᠵᠢᠱᠢᠶᠡᠴᠢ 》 ᠵᠡᠷᠬᠡ ᠮᠠᠰᠢ ᠣᠯᠠᠨ ᠠᠯᠳᠠᠷ ᠴᠣᠯᠠ ᠶ᠋ᠢ ᠬᠦᠷᠳᠡᠬᠡᠳ ᠪᠦᠬᠦ ᠣᠯᠣᠰ ᠤᠨ ᠠᠷᠠᠳ ᠲᠦᠮᠡᠨ ᠤ ᠬᠠᠢᠷ᠎ᠠ ᠬᠦᠡᠳᠦᠳᠬᠡᠯ ᠢ ᠣᠯᠣᠬᠰᠠᠨ ᠶᠣᠮ᠃     

ᠲᠠᠶᠢᠸᠠᠨ ᠤ ᠵᠣᠬᠢᠶᠠᠯᠴᠢ ᠯᠢᠨ ᠴᠢᠩ ᠰᠢᠣᠸᠠᠨ ᠰᠣᠷᠪᠣᠯᠵᠢᠯᠠᠬᠴᠢ ᠪᠠᠶᠢᠬᠤ ᠳᠠᠭᠠᠨ ᠬᠣᠯᠠᠭᠠᠶᠢᠴᠢ ᠶ᠋ᠢᠨ ᠲᠣᠬᠠᠢ ᠨᠢᠬᠡᠨ ᠮᠡᠳᠡᠬᠡ ᠪᠢᠴᠢᠪᠠ᠃ ᠲᠡᠷᠡ ᠮᠡᠳᠡᠬᠡ ᠳ᠋ᠡᠭᠡᠨ᠄ 《 ᠣᠬᠠᠭᠠᠨ ᠪᠣᠳᠣᠯ ᠨᠢ ᠲᠡᠶᠢᠮᠦᠷᠬᠦᠦ ᠨᠠᠷᠢᠯᠢᠭ ᠠᠷᠭ᠎ᠠ ᠪᠠᠰᠢᠷ ᠨᠢ ᠲᠡᠶᠢᠮᠦᠷᠬᠦᠦ ᠣᠷᠠᠨ ᠲᠡᠮ ᠲᠠᠢ ᠬᠣᠯᠠᠭᠠᠢᠴᠢ ᠶᠠᠮᠠᠷ ᠠᠵᠢᠯ ᠢ ᠬᠢᠭᠰᠡᠨ ᠴᠦ ᠠᠮᠵᠢᠯᠳᠠ ᠣᠯᠬᠣ ᠨᠢ ᠯᠠᠪᠳᠡᠢ 》ᠬᠡᠵᠦ ᠪᠢᠴᠢᠵᠠᠢ᠃ ᠬᠣᠷᠢᠨ ᠵᠢᠯ ᠤᠨ ᠲᠠᠷᠠᠭ᠎ᠠ᠂ ᠯᠢᠨ ᠴᠢᠩ ᠰᠢᠣᠸᠠᠨ ᠨᠢᠬᠡᠨ ᠬᠣᠭᠣᠯᠠᠨ ᠬᠡᠷ ᠲᠤ ᠬᠣᠭᠣᠯᠠ ᠢᠳᠡᠵᠦ ᠪᠠᠢᠬᠣ ᠳ᠋ᠤ᠂ ᠬᠣᠭᠣᠯᠠᠨ ᠬᠡᠷ ᠤᠨ ᠡᠵᠡᠡᠳᠡᠨ ᠲᠡᠬᠦᠨ ᠳ᠋ᠤ᠄ 《 ᠪᠢ ᠪᠣᠯ ᠴᠢᠨᠦ ᠮᠡᠳᠡᠬᠡᠯᠡᠵᠦ ᠦᠩᠬᠡᠷᠡᠭᠰᠡᠨ ᠲᠡᠷᠡ ᠬᠤᠯᠠᠭᠠᠶᠢᠴᠢ ᠰᠢᠣ᠂ ᠲᠠᠨ ᠤ ᠵᠣᠬᠢᠶᠠᠯ ᠤᠨ ᠨᠢᠬᠡ ᠪᠠᠳᠠᠭ ᠦᠬᠡ ᠨᠠᠮᠠᠢᠢ ᠬᠦᠳᠦᠯᠵᠦ ᠵᠦᠪ ᠵᠠᠮ ᠳ᠋ᠤ ᠣᠷᠣᠭᠣᠯᠪᠠ 》 ᠬᠡᠪᠡ᠃       

ᠲᠣᠰ ᠬᠣᠯᠠᠭᠠᠢᠴᠢ ᠬᠡᠳᠦᠢᠢᠪᠡᠷ ᠬᠣᠷᠣᠭᠣ ᠬᠢᠮᠦᠰᠦ ᠬᠦᠳᠡᠯᠬᠡᠭᠰᠡᠨ ᠪᠣᠯᠪᠠᠴᠦ ᠬᠦᠮᠦᠨ ᠵᠣᠨ ᠢ  ᠬᠣᠬᠢᠷᠠᠭᠣᠯᠬᠣ ᠠᠵᠢᠯ ᠬᠢᠬᠡ ᠦᠬᠡᠢ᠃ ᠬᠡᠨᠡᠳᠳᠡ ᠲᠡᠷᠡ ᠰᠣᠨᠢᠨ ᠡᠴᠠ ᠰᠣᠷᠪᠣᠯᠵᠢᠯᠠᠬᠴᠢ ᠲᠡᠬᠦᠨ ᠢ ᠦᠨᠡᠯᠡᠭᠰᠡᠨ ᠦᠨᠡᠯᠡᠯᠳᠡ ᠶ᠋ᠢ ᠣᠩᠰᠢᠭᠠᠳ ᠬᠡᠮᠰᠢᠨ ᠣᠬᠠᠭᠠᠷᠠᠪᠠ᠃ ᠡᠬᠦᠨ ᠡᠴᠠ ᠲᠡᠷᠡ ᠦᠪᠡᠷ ᠤᠨ ᠲᠠᠯᠳᠠ ᠴᠢᠳᠠᠪᠦᠷᠢ ᠪᠠᠨ ᠣᠯᠵᠣ ᠮᠡᠳᠡᠬᠡᠳ ᠦᠢᠯᠡᠰ ᠪᠦᠳᠦᠬᠡᠬᠦ ᠡᠷᠡᠰ ᠵᠣᠷᠢᠭ ᠪᠠ ᠢᠳᠡᠬᠡᠯ ᠲᠠᠢ ᠪᠣᠯᠵᠣ᠂ ᠲᠡᠬᠦᠨ ᠢᠶᠡᠨ ᠪᠣᠳᠡᠳᠡᠢ ᠠᠵᠢᠯᠯᠠᠭ᠎ᠠ ᠪᠣᠯᠭᠠᠭᠠᠳ ᠠᠮᠵᠢᠯᠳᠠ ᠣᠯᠪᠠ᠃ ᠲᠣᠬᠠᠢ ᠶ᠋ᠢᠨ ᠵᠢᠯ ᠬᠣᠯᠠᠭᠠᠢᠴᠢ ᠦᠨᠦᠳᠦᠷ ᠬᠣᠭᠣᠯᠠᠨ ᠬᠡᠷ ᠤᠨ ᠡᠵᠡᠡᠳᠡᠨ ᠪᠣᠯᠣᠬᠰᠠᠨ ᠶᠠᠪᠣᠳᠠᠯ ᠨᠢ ᠪᠡᠶ᠎ᠡ ᠪᠠᠨ ᠵᠦᠪ ᠲᠠᠨᠢᠵᠦ ᠴᠢᠳᠠᠭᠠᠳ ᠬᠣᠪᠢ ᠵᠠᠶᠠᠭ᠎ᠠ ᠪᠠᠨ ᠬᠣᠪᠢᠷᠠᠭᠣᠯᠣᠬᠰᠠᠨ ᠳ᠋ᠤ ᠪᠠᠢᠨ᠎ᠠ᠃ ᠪᠡᠶ᠎ᠡ ᠪᠠᠨ ᠵᠦᠪ ᠲᠠᠨᠢᠬᠣ ᠳ᠋ᠤ ᠦᠪᠡᠷ ᠤᠨ ᠲᠠᠪᠠᠭᠣᠯᠢᠭ ᠲᠠᠯ᠎ᠠ᠂ ᠲᠠᠯᠳᠠ ᠴᠢᠳᠠᠪᠦᠷᠢ ᠪᠠᠨ ᠪᠠᠳᠠᠷᠠᠭᠣᠯᠵᠣ᠂ ᠦᠪᠡᠷ ᠤᠨ ᠠᠯᠳᠠᠭ᠎ᠠ ᠲᠣᠳᠠᠬᠳᠠᠯ ᠢᠶᠡᠨ ᠲᠡᠪᠴᠢᠨ᠂ ᠬᠦᠮᠦᠨ ᠤ ᠠᠮᠢᠳᠣᠷᠠᠯ ᠤᠨ ᠵᠦᠪ ᠦᠵᠡᠯᠳᠡ᠂ ᠦᠷᠳᠡᠭ ᠤᠨ ᠵᠦᠪ ᠦᠵᠡᠯᠳᠡ ᠶ᠋ᠢ ᠪᠣᠢ ᠪᠣᠯᠭᠠᠵᠣ᠂ ᠣᠮᠣᠷᠬᠠᠬᠯᠠᠬᠣ ᠦᠬᠡᠢ ᠭᠣᠳᠣᠷᠠᠬᠣ ᠦᠬᠡᠢ ᠪᠠᠷ ᠦᠪᠡᠷ ᠢ ᠪᠠᠨ ᠬᠦᠴᠦᠷᠬᠡᠭᠵᠢᠬᠦᠯᠵᠦ ᠪᠡᠶ᠎ᠡ ᠪᠠᠨ ᠢᠳᠡᠬᠡᠨ ᠴᠢᠷᠮᠠᠶᠢᠨ ᠲᠡᠮᠡᠴᠡᠬᠦ ᠬᠡᠷᠡᠭᠳᠡᠢ᠃ ᠬᠦᠯᠦᠰᠦ ᠪᠠ ᠣᠬᠠᠭᠠᠨ ᠢᠶᠠᠷ ᠢᠶᠡᠨ ᠠᠮᠢᠳᠣᠷᠠᠯ ᠢᠶᠡᠨ ᠡᠬᠦᠳᠦᠨ ᠪᠦᠳᠦᠬᠡᠵᠦ᠂ ᠲᠣᠬᠳᠣᠯᠣᠮ᠎ᠠ ᠬᠠᠯᠠᠭᠣᠨ ᠰᠡᠳᠬᠢᠯᠬᠡ ᠪᠠᠷ ᠠᠮᠢᠳᠣᠷᠠᠯ ᠤᠨ ᠬᠠᠪᠦ ᠴᠡᠩᠬᠡᠯ ᠢ ᠡᠳ᠋ᠯᠠᠪᠠᠯ ᠵᠣᠬᠢᠨ᠎ᠠ᠃

ᠢᠷᠡᠯᠳᠡ᠄ ᠤᠯᠠᠭᠠᠨᠬᠠᠳᠠ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄