ᠳᠠᠭᠤᠴᠢᠨ ᠵᠠᠭᠠᠷᠬᠦᠦ

ᠤᠩᠰᠢᠭᠰᠠᠨ ᠤᠳᠠᠭ᠎ᠠ ᠄ 1048    ᠨᠡᠶᠢᠳᠡᠯᠡᠭᠰᠡᠨ ᠴᠠᠭ ᠄ 2017-04-14

ᠵᠠᠭᠠᠷᠬᠦᠦ᠂ ᠤᠯᠠᠭᠠᠨᠬᠠᠳᠠ ᠬᠣᠲᠠ ᠶ᠋ᠢᠨ ᠠᠷᠤ ᠬᠤᠷᠴᠢᠨ ᠬᠣᠰᠢᠭᠤ ᠪᠠᠷ ᠨᠤᠲᠤᠭ ᠲᠠᠢ᠂ ᠤᠯᠤᠰ ᠤᠨ ᠬᠤᠶᠠᠳᠣᠭᠠᠷ ᠲᠡᠰ ‍ᠦᠨ ᠲᠤᠭᠯᠠᠭᠴᠢ᠃ 1994 ᠤᠨ ᠳᠤ ᠠᠷᠤ ᠬᠤᠷᠴᠢᠨ ᠬᠣᠰᠢᠭᠤᠨ ‍ᠤ ᠤᠯᠠᠭᠠᠨᠮᠥ᠋ᠴᠢᠷ ᠲᠤ ᠠᠵᠢᠯ ‍ᠤᠨ ᠭᠠᠷᠤᠭ᠎ᠠ ᠠᠪᠴᠤ᠂ 1996 ᠤᠨ ᠳ᠋ᠤ ᠠᠯᠳᠠᠷᠳᠤ ᠲᠠᠭᠤᠴᠢᠨ ᠠᠯᠲᠠᠨᠴᠡᠴᠡᠭ ᠲᠤ ᠱᠠᠪᠢᠯᠠᠨ ᠳᠠᠭᠤᠯᠠᠭᠠᠴᠢ ᠶ᠋ᠢᠨ ᠮᠡᠷᠭᠡᠵᠢᠯ ᠰᠤᠷᠪᠠ᠃ 1997 ᠤᠨ ᠳ᠋ᠤ ᠪᠠᠭᠠᠷᠢᠨ ᠪᠠᠷᠠᠭᠤᠨ ᠬᠣᠰᠢᠭᠤᠨ ‍ᠤ ᠤᠯᠠᠭᠠᠨᠮᠥ᠋ᠴᠢᠷ ᠲᠤ ᠰᠢᠯᠵᠢᠨ ᠠᠵᠢᠯᠯᠠᠪᠠ᠃ ᠤᠯᠠᠨ ᠤᠳᠠᠭ᠎ᠠ ᠶ᠋ᠢᠨ ᠲᠣᠮᠣ ᠬᠡᠪᠴᠢᠶᠡᠨ ᠤ ᠤᠷᠠᠨ ᠰᠠᠶᠢᠬᠠᠨ ‍ᠤ ᠲᠤᠭᠯᠠᠯᠳᠠ ᠳᠤ ᠣᠷᠣᠯᠴᠠᠭᠰᠠᠨ ᠢᠶᠠᠷ ᠪᠠᠷᠠᠬᠤ ᠦᠭᠡᠢ ᠨᠠᠮ ᠲᠥᠷᠥ ᠶ᠋ᠢᠨ ᠤᠳᠤᠷᠢᠳᠤᠯᠭ᠎ᠠ᠂ ᠸᠸᠨ ᠵᠢᠶᠠ ᠪᠤᠤ ᠶᠡᠷᠦᠩᠬᠡᠢ ᠰᠠᠶᠢᠳ ᠲᠠᠢ ᠬᠠᠯᠠᠭᠤᠮᠰᠤᠭ ᠢᠶᠠᠷ ᠠᠭᠤᠯᠵᠠᠯᠲᠠ ᠬᠢᠭᠰᠡᠨ ᠪᠠᠶᠢᠨ᠎ᠠ᠃

ᠤᠷᠢᠳ ᠬᠣᠵᠢᠳ ᠦᠪᠦᠷ ᠮᠣᠩᠭᠣᠯ ‍ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 60 ᠵᠢᠯ ᠦᠨ ᠤᠢ᠂ ᠤᠯᠠᠭᠠᠨᠮᠦ᠋ᠴᠢᠷ ᠪᠠᠶᠢᠭᠤᠯᠤᠭᠳᠠᠭᠰᠠᠨ 50 ᠵᠢᠯ ᠦᠨ ᠤᠢ ᠵᠢᠴᠢ ᠲᠦᠷᠪᠡᠳᠦᠭᠡᠷ ᠬᠤᠭᠤᠴᠠᠭᠠᠨ ᠤ ᠤᠯᠠᠭᠠᠨᠮᠦ᠋ᠴᠢᠷ ‍ᠦᠨ ᠤᠷᠠᠯᠢᠭ ‍ᠤᠨ ᠲᠤᠭᠯᠠᠯᠳᠠ ᠳ᠋ᠤ ᠲᠡᠭᠦᠨ ‍ᠤ ᠳᠠᠭᠤᠤ《 ᠡᠵᠢ ᠪᠡᠨ ᠲᠤᠷᠠᠰᠤᠨ᠎ᠠ 》ᠨᠢ ᠰᠢᠯᠢᠳᠡᠭ ᠲᠣᠭᠯᠠᠯᠠᠲᠠ ᠶ᠋ᠢᠨ ᠱᠠᠩᠨᠠᠯ ᠭᠠᠷᠳᠠᠪᠠ᠃


   


              

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ