ᠲᠠᠮᠡᠭᠡ ᠶ᠋ᠢ ᠨᠠᠰᠤ ᠬᠦᠢᠰᠤ ᠪᠠᠷ ᠨᠢ ᠢᠯᠭᠠᠨ ᠨᠡᠷᠡᠯᠡᠵᠤ ᠳᠠᠭᠤᠳᠠᠬᠤ

ᠤᠩᠰᠢᠭᠰᠠᠨ ᠤᠳᠠᠭ᠎ᠠ ᠄ 3347    ᠨᠡᠶᠢᠳᠡᠯᠡᠭᠰᠡᠨ ᠴᠠᠭ ᠄ 2017-04-14

ᠲᠠᠮᠡᠭᠡ ᠶ᠋ᠢᠨ ᠬᠦᠢᠰᠤ ᠴᠢᠨᠠᠷ ᠢ ᠨᠠᠰᠤ ᠰᠢᠳᠤᠨ ᠳ᠋ᠤᠨᠢ ᠬᠠᠷᠠᠭᠠᠯᠵᠠᠭᠤᠯᠤᠨ ᠡᠷ᠎ᠠ ᠪᠤᠳᠤᠭᠤ᠂ ᠡᠮ᠎ᠠ ᠪᠤᠳᠤᠭᠤ᠂ ᠡᠷ᠎ᠠ ᠲᠤᠷᠤᠮ᠂ ᠡᠮ᠎ᠠ ᠲᠤᠷᠤᠮ᠂ ᠭᠤᠨ᠎ᠠ᠂ ᠭᠤᠨᠵᠢ᠂ ᠲᠦᠨ᠎ᠠ᠂ ᠲᠦᠡᠵᠢ ᠭᠡᠬᠦ ᠵᠠᠷᠭᠡ ᠪᠠᠷ ᠨᠠᠷᠠᠯᠠᠬᠦ ᠡᠴᠠ ᠭᠠᠳᠠᠨ᠎ᠠ ᠲᠠᠶᠢᠯᠤᠭ᠂ ᠪᠤᠤᠷ᠎ᠠ᠂ ᠠᠳᠠ᠂ ᠢᠡᠭᠭᠡ ᠭᠡᠵᠤ ᠴᠤ ᠨᠠᠷᠠᠯᠠᠳᠡᠭ᠃         

ᠲᠠᠶᠢᠯᠤᠭ — ᠭᠤᠷᠪᠠᠡ ᠨᠠᠰᠤᠨ ᠡᠴᠠ ᠲᠠᠪᠤᠨ ᠨᠠᠰᠤ ᠲᠠᠢ ᠠᠳᠠᠯᠠᠭᠠᠳᠤᠢ ᠡᠷ᠎ᠠ ᠬᠦᠢᠰᠤ ᠲᠠᠢ ᠲᠠᠮᠡᠭᠡ᠃         

ᠭᠤᠨᠠᠨ ᠲᠠᠶᠢᠯᠤᠭ— ᠭᠤᠷᠪᠠᠨ ᠨᠠᠰᠤ ᠲᠠᠢ ᠲᠠᠶᠢᠯᠤᠭ᠃         

ᠲᠦᠨᠠᠨ ᠲᠠᠶᠢᠯᠤᠭ — ᠲᠦᠷᠪᠠᠨ ᠨᠠᠰᠤ ᠲᠠᠢ ᠲᠠᠶᠢᠯᠤᠭ᠃         

ᠲᠦᠨ᠎ᠠ ᠲᠠᠪᠤᠨ ᠨᠠᠰᠤ ᠲᠠᠢ ᠲᠠᠶᠢᠯᠤᠭ— ᠪᠦᠬᠦᠯᠢ ᠲᠠᠪᠤᠨ ᠨᠠᠰᠤ ᠬᠦᠷᠤᠭᠡᠳᠤᠢ ᠲᠠᠶᠢᠯᠤᠭ᠃ 

ᠪᠤᠤᠷᠠᠨ ᠲᠠᠶᠢᠯᠤᠭ — ᠪᠦᠬᠦᠯᠢ ᠲᠠᠪᠤᠨ ᠨᠠᠰᠤ ᠬᠦᠷᠴᠤ᠂ ᠪᠤᠤᠷ᠎ᠠ ᠲᠠᠯᠪᠢᠬᠤ ᠪᠠᠷ ᠪᠠᠯᠠᠤᠡᠭᠡᠵᠤ ᠪᠠᠶᠢᠭ᠎ᠠ ᠲᠠᠶᠢᠯᠤᠭ᠃

ᠪᠤᠤᠷ᠎ᠠ — ᠠᠳᠠᠯᠠᠭᠠᠳᠤᠢ ᠨᠠᠰᠤ ᠬᠦᠢᠴᠡᠭᠰᠠᠨ ᠡᠷ᠎ᠠ ᠬᠦᠢᠰᠤ ᠲᠠᠢ ᠲᠠᠮᠡᠭᠡ᠃ ᠪᠠᠰᠠ ᠦᠷ᠎ᠠ ᠶ᠋ᠢᠨ ᠲᠠᠮᠡᠭᠡ ᠭᠡᠵᠤ ᠭᠡᠯᠠᠳᠡᠭ᠃         

ᠭᠡᠷᠪᠢᠮᠠᠯ ᠪᠤᠤᠷ᠎ᠠ — ᠤᠷᠤᠭ᠎ᠠ ᠤᠷᠤᠵᠤ ᠪᠠᠶ᠋ᠢᠭ᠎ᠠ ᠪᠤᠶᠤ ᠡᠬᠢᠯᠠᠵᠤ ᠢᠡᠭᠭᠡ ᠬᠣᠷᠢᠶᠠᠯᠭᠠᠵᠤ ᠪᠠᠶᠢᠭ᠎ᠠ ᠪᠤᠤᠷ᠎ᠠ᠃

ᠠᠷᠳᠠᠭ ᠪᠤᠤᠷ᠎ᠠ — ᠢᠳᠠᠷ ᠨᠠᠰᠤᠨ ᠤ ᠪᠤᠶᠤ ᠵᠠᠩ ᠮᠠᠭᠤᠳᠠᠢ ᠪᠤᠤᠷ᠎ᠠ᠃         

ᠬᠠᠩᠭᠠᠯ ᠪᠤᠤᠷ᠎ᠠ — ᠤᠨᠤᠯᠭ᠎ᠠ ᠠᠴᠢᠯᠭ᠎ᠠ ᠳ᠋ᠤ ᠡᠳ᠋ᠯᠠᠭᠡᠳᠤᠢ ᠬᠤᠷ ᠲᠠᠷᠭᠤ ᠲᠠᠢ ᠰᠤᠷ ᠪᠢᠳᠠᠬᠦᠤ ᠪᠤᠤᠷ᠎ᠠ᠃             

ᠰᠤᠶᠤᠭ᠎ᠠ ᠬᠦᠢᠴᠡᠭᠰᠠᠨ ᠪᠤᠤᠷ᠎ᠠ — ᠲᠤᠯᠤᠭ᠎ᠠ ᠨᠠᠢᠮᠠᠨ ᠨᠠᠰᠤ ᠲᠠᠢ ᠪᠤᠤᠷ᠎ᠠ᠃         

ᠰᠤᠶᠤᠭ᠎ᠠ ᠰᠤᠨᠤᠭᠰᠠᠨ ᠪᠤᠤᠷ᠎ᠠ — ᠠᠷᠪᠠ ᠡᠴᠠ ᠠᠷᠪᠠᠨ ᠲᠠᠪᠤᠨ ᠨᠠᠰᠤᠨ ᠤ ᠪᠤᠤᠷ᠎ᠠ᠃         

ᠰᠤᠶᠤᠭ᠎ᠠ ᠬᠠᠷᠢᠭᠰᠠᠨ ᠪᠤᠤᠷ᠎ᠠ — ᠠᠷᠪᠠᠨ ᠵᠢᠷᠭᠤᠭ᠎ᠠ ᠡᠴᠠ ᠲᠠᠭᠡᠭᠰᠢ ᠨᠠᠰᠤᠯᠠᠭᠰᠠᠨ ᠬᠦᠭᠰᠢᠨ ᠪᠤᠤᠷ᠎ᠠ᠃             

ᠠᠷᠬᠢᠯ ᠪᠤᠤᠷ᠎ᠠ — ᠬᠦᠷᠬᠢᠷᠠᠬᠦ ᠲᠠᠭᠤ ᠪᠠᠷ ᠶᠡᠭᠡ ᠪᠤᠶᠤ ᠬᠦᠭᠰᠢᠷᠡᠭᠰᠠᠨ ᠪᠤᠤᠷ᠎ᠠ᠃         

ᠤᠷᠤᠭ᠎ᠠ ᠪᠤᠤᠷ᠎ᠠ — ᠤᠷᠤᠭ᠎ᠠ ᠤᠷᠤᠭᠰᠠᠨ ᠪᠤᠤᠷ᠎ᠠ᠃ ᠪᠠᠰᠠ ᠬᠠᠪᠰᠢᠠᠠᠰᠠᠨ ᠪᠤᠤᠷ᠎ᠠ ᠭᠡᠬᠦ ᠪᠤᠶᠤ ᠬᠠᠭᠰᠠᠮᠠᠯ ᠪᠤᠤᠷ᠎ᠠ ᠭᠡᠳᠡᠭ᠃

ᠲᠤᠭᠰᠢᠨ ᠪᠤᠤᠷ᠎ᠠ — ᠤᠷᠤᠭ᠎ᠠ ᠤᠷᠤᠭᠰᠠᠨ ᠦᠶ᠎ᠠ ᠳ᠋ᠡᠭᠡᠨ ᠬᠦᠮᠤᠨ ᠮᠠᠯ ᠢ ᠬᠠᠵᠠᠬᠤ ᠵᠠᠷᠭᠡ ᠮᠠᠭᠤ ᠵᠠᠩ ᠲᠠᠢ ᠪᠤᠤᠷ᠎ᠠ᠃         

ᠠᠳᠠ — ᠲᠠᠪᠤ᠋ ᠡᠴᠠ ᠲᠠᠭᠡᠭᠰᠢ ᠨᠠᠰᠤᠨ ᠤ ᠠᠳᠠᠯᠠᠭᠰᠠᠨ ᠡᠷ᠎ᠠ ᠬᠦᠢᠰᠤ ᠲᠠᠢ ᠲᠠᠮᠡᠭᠡ᠃       

ᠰᠢᠨ᠎ᠠ ᠠᠳᠠ — ᠰᠠᠶᠢᠬᠠᠨ ᠠᠳᠠᠯᠠᠭᠰᠠᠨ ᠲᠠᠮᠡᠭᠡ᠃         

ᠢᠡᠭᠭᠡ — ᠲᠠᠪᠤ᠋ ᠡᠴᠠ ᠲᠠᠭᠡᠭᠰᠢ ᠨᠠᠰᠤᠨ ᠤ ᠡᠮ᠎ᠠ ᠬᠦᠢᠰᠤ ᠲᠠᠢ ᠲᠠᠮᠡᠭᠡ᠃         

ᠰᠤᠪᠠᠢ ᠢᠡᠭᠭᠡ — ᠭᠡᠭᠡᠯ ᠲᠤᠭᠳᠠᠭᠰᠠᠨ ᠦᠭᠡᠢ ᠢᠡᠭᠭᠡ᠃         

ᠬᠤᠰᠠᠷᠠᠩ ᠢᠡᠭᠭᠡ — ᠰᠣᠪᠠᠶᠢᠷᠠᠭᠰᠠᠨ ᠪᠤᠯᠪᠠᠴᠤ ᠲᠤᠷᠤᠮ ᠢᠶᠡᠨ ᠬᠦᠬᠦᠬᠦᠯᠵᠤ ᠪᠠᠶᠢᠭ᠎ᠠ ᠪᠤᠶᠤ  ᠰᠣᠪᠠᠶᠢᠷᠠᠬᠤ ᠵᠠᠩ ᠲᠠᠢ ᠢᠡᠭᠭᠡ᠃         

ᠬᠠᠶᠠᠮᠠᠯ ᠢᠡᠭᠭᠡ — ᠪᠤᠤᠷ᠎ᠠ ᠳ᠋ᠤ ᠭᠠᠷᠴᠤ ᠰᠠᠶᠢᠬᠠᠨ ᠭᠡᠭᠡᠯ ᠲᠤᠭᠳᠠᠭᠰᠠᠨ ᠢᠡᠭᠭᠡ᠃         

ᠬᠠᠶᠢᠮᠠᠯ ᠢᠡᠭᠭᠡ — ᠪᠤᠳᠤᠭᠤᠯᠠᠬᠤ ᠣᠶᠢᠷᠠᠲᠤᠭᠰᠠᠨ ᠢᠡᠭᠭᠡ᠃ ᠵᠠᠷᠢᠮ ᠤᠷᠤᠨ ᠳ᠋ᠤ ᠪᠠᠰᠠ ᠬᠠᠶᠢᠮᠠᠯ ᠢᠡᠭᠭᠡ ᠭᠡᠨ᠎ᠠ᠃

ᠲᠠᠩᠬᠤ ᠢᠡᠭᠭᠡ — ᠪᠤᠤᠷᠠᠨ ᠳ᠋ᠤ ᠭᠠᠷᠴᠤ ᠭᠡᠭᠡᠯ ᠲᠤᠭᠳᠠᠭᠰᠠᠨ ᠴᠤ ᠮᠠᠳᠡᠭᠳᠡᠳᠡᠭ ᠦᠭᠡᠢ ᠢᠡᠭᠭᠡ᠃         

ᠲᠦᠯᠠᠢ ᠢᠡᠭᠭᠡ — ᠪᠠᠷᠤᠠᠠᠳᠠᠢ ᠳ᠋ᠤ ᠭᠡᠭᠡᠯ ᠲᠤᠭᠳᠠᠳᠠᠭ ᠦᠭᠡᠢ ᠢᠡᠭᠭᠡ᠃         

ᠡᠷᠠᠮᠡᠭ ᠢᠡᠭᠭᠡ — ᠶᠠᠷᠤᠳᠠ ᠭᠡᠭᠡᠯ ᠲᠤᠠᠠᠳᠠᠬᠤ ᠦᠭᠡᠢ ᠪᠤᠶᠤ ᠪᠠᠯᠭᠡ ᠲᠤᠳᠤ ᠢᠯᠭᠠᠷᠠᠭᠰᠠᠨ ᠦᠭᠡᠢ ᠢᠡᠭᠭᠡ᠃

ᠲᠤᠩᠭᠤᠢ ᠢᠡᠭᠭᠡ — ᠠᠩᠬ᠎ᠠ ᠪᠤᠳᠤᠭᠤᠯᠠᠵᠤ ᠪᠠᠶᠢᠭ᠎ᠠ ᠢᠡᠭᠭᠡ᠃ ᠡᠬᠦᠨ ᠢ ᠪᠠᠰᠠ ᠲᠤᠩᠭᠤᠢ ᠭᠤᠨᠵᠢ ᠭᠡᠳᠡᠭ᠃

ᠬᠠᠶᠢᠳᠠᠭ ᠢᠡᠭᠭᠡ — ᠪᠤᠳᠤᠭᠤ ᠨᠢ ᠦᠬᠦᠭᠰᠠᠨ ᠴᠤ ᠰᠠᠭᠠᠵᠤ ᠪᠤᠯᠬᠤ ᠪᠤᠶᠤ ᠪᠤᠰᠤᠤᠨ ᠤᠨ ᠪᠤᠳᠤᠭᠤᠨ ᠳ᠋ᠤ ᠢᠪᠢᠯᠬᠦ ᠪᠤᠯᠤᠭᠰᠠᠨ ᠢᠡᠭᠭᠡ᠃         

ᠠᠰᠮᠠᠨ ᠪᠤᠤᠷ᠎ᠠ — ᠲᠠᠯᠪᠢᠭᠠᠤᠨ ᠪᠦᠳᠤᠬᠦᠷᠡᠭᠰᠠᠨ ᠬᠣᠶᠢᠨ᠎ᠠ ᠨᠢ ᠠᠳᠠᠯᠠᠭᠰᠠᠨ ᠲᠠᠮᠡᠭᠡ᠃     

ᠪᠦᠭᠡᠷᠠᠳᠠᠩ — ᠲᠠᠯᠳᠠ ᠪᠦᠭᠡᠷ᠎ᠠ ᠲᠠᠢ ᠲᠠᠮᠡᠭᠡ᠃         

ᠮᠠᠨᠢᠩ ᠲᠠᠮᠡᠭᠡ — ᠰᠠᠭᠠᠷᠮᠠᠭ ᠪᠤᠶᠤ ᠪᠠᠯᠭᠡ ᠶ᠋ᠢᠨ ᠡᠷᠭᠡᠳᠠᠨ ᠪᠦᠷᠢᠨ ᠪᠤᠰᠤ ᠲᠠᠮᠡᠭᠡ᠃

ᠢᠷᠡᠯᠳᠡ᠄ ᠠᠯᠠᠱᠠ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄