ᠠᠯᠳᠠᠷᠲᠤ ᠠᠶᠠᠯᠭᠤ ᠵᠣᠬᠢᠶᠠᠭᠴᠢ ᠴᠢᠯᠠᠭᠤᠨᠪᠦ᠋ᠬᠡ 《 ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ 》 ᠳ᠋ᠤ ᠰᠠᠭᠠᠲᠠᠯ᠎ᠠ

ᠤᠩᠰᠢᠭᠰᠠᠨ ᠤᠳᠠᠭ᠎ᠠ ᠄ 1580    ᠨᠡᠶᠢᠳᠡᠯᠡᠭᠰᠡᠨ ᠴᠠᠭ ᠄ 2017-03-24

       3 ᠰᠠᠷ᠎ᠠ ᠶ᠋ᠢᠨ 23 ‍ᠤ ᠦᠳᠡ ᠶ᠋ᠢᠨ ᠡᠮᠦᠨ᠎ᠡ᠂ ᠮᠠᠨ ‍ᠤ ᠣᠷᠣᠨ ‍ᠤ ᠠᠯᠳᠠᠷᠲᠤ ᠠᠶᠠᠯᠭᠤ ᠵᠣᠬᠢᠶᠠᠭᠴᠢ᠂ ᠨᠠᠶᠠᠭᠠᠳ ᠣᠨ ‍ᠤ ᠦᠶ᠎ᠡ ᠶ᠋ᠢᠨ ᠳᠠᠭᠤᠤ ᠬᠥᠭᠵᠢᠮ ‍ᠤᠨ ᠰᠣᠳᠣᠨ ᠪᠦᠲᠦᠭᠡᠯ ‍ᠤᠨ ᠨᠢᠭᠡ — 《 ᠮᠡᠷᠭᠡᠯ ᠭᠣᠣᠯ 》 ᠳᠠᠭᠤᠤ ᠶ᠋ᠢᠨ ᠠᠶᠠᠯᠭᠤ ᠶ᠋ᠢ ᠵᠣᠬᠢᠶᠠᠭᠰᠠᠨ ᠴᠢᠯᠠᠭᠤᠨᠪᠦ᠋ᠬᠡ ᠭᠤᠸᠠᠢ 《 ᠲᠡᠭᠷᠢ ᠲᠠᠯ᠎ᠠ ᠳᠠᠭᠤᠤ ᠬᠥᠭᠵᠢᠮ ‍ᠤᠨ ᠰᠦᠯᠵᠢᠶ᠎ᠡ 》 ᠳ᠋ᠤ ᠮᠣᠷᠢᠯᠠᠨ ᠢᠷᠡᠵᠦ᠂ ᠥᠪᠡᠷ ‍ᠤᠨ ᠨᠠᠰᠤᠨ ᠲᠤᠷᠰᠢᠳᠠ ᠪᠠᠨ ᠵᠣᠬᠢᠶᠠᠨ ᠪᠦᠲᠦᠭᠡᠭᠰᠡᠨ ᠲᠠᠪᠢ ᠭᠠᠷᠤᠢ ᠳᠠᠭᠤᠤ ᠬᠥᠭᠵᠢᠮ ‍ᠤᠨ ᠪᠦᠲᠦᠭᠡᠯ ‍ᠤᠨ ᠢᠶᠡᠨ ᠣᠶᠤᠨ ‍ᠤ ᠥᠮᠴᠢ ᠶ᠋ᠢᠨ ᠡᠷᠬᠡ ᠬᠢᠭᠡᠳ ᠳᠠᠭᠤᠤ ᠬᠦᠭᠵᠢᠮ ‍ᠤᠨ ᠰᠦᠯᠵᠢᠶᠡᠨ ᠳ᠋ᠤ ᠨᠡᠶᠢᠲᠡᠯᠡᠬᠦ ᠡᠷᠬᠡ ᠶ᠋ᠢ 《 ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ 》 ᠳ᠋ᠤ ᠣᠯᠭᠤᠵᠤ᠂ 《 ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ 》 ᠶ᠋ᠢᠨ ᠠᠷᠪᠠᠨ ᠬᠤᠶᠠᠷ ᠵᠢᠯ ‍ᠤᠨ ᠲᠤᠷᠰᠢ ᠳᠠᠭᠤᠤ ᠬᠦᠭᠵᠢᠮ ‍ᠤᠨ ᠪᠦᠲᠦᠭᠡᠯ ‍ᠢ ᠥᠪᠯᠡᠨ ᠨᠠᠳᠢᠩᠨᠠᠵᠤ᠂  ᠴᠤᠭᠯᠠᠭᠤᠯᠤᠨ ᠡᠮᠬᠢᠳᠬᠡᠭᠰᠡᠨ 《 ᠳᠠᠭᠤᠤ ᠬᠥᠭᠵᠢᠮ ‍ᠤᠨ ᠠᠯᠲᠠᠨ ᠬᠦᠮᠦᠷᠭᠡ 》 ᠬᠢᠬᠡᠳ ᠮᠣᠩᠭᠣᠯ᠂ ᠬᠢᠲᠠᠳ᠂ ᠠᠩᠬᠢᠯᠢ᠂ ᠺᠢᠷᠢᠯ ᠳᠥᠷᠪᠡᠨ ᠬᠡᠯᠡ ᠲᠥᠷᠥᠯ ‍ᠤᠨ ᠰᠦᠯᠵᠢᠶ᠎ᠡ ᠪᠠᠷ ᠳᠠᠮᠵᠢᠭᠤᠯᠤᠨ ᠳᠠᠭᠤᠤ ᠬᠦᠭᠵᠢᠮ ‍ᠢ ᠳᠡᠯᠭᠡᠷᠡᠭᠦᠯᠦᠨ ᠤᠬᠠᠭᠤᠯᠵᠤ ᠪᠠᠶᠢᠭ᠎ᠠ ᠶ᠋ᠢ ᠮᠠᠭᠲᠠᠨ ᠰᠠᠶᠢᠰᠢᠶᠠᠵᠤ᠂ 《 ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ᠂ ᠮᠣᠩᠭᠣᠯ ᠳᠠᠭᠤᠤ ᠬᠥᠭᠵᠢᠮ ‍ᠤᠨ ᠰᠣᠶᠣᠯ ‍ᠤᠨ ᠠᠯᠲᠠᠨ ᠥᠯᠥᠭᠡᠢ 》 ᠬᠡᠮᠡᠬᠦ  ᠪᠢᠴᠢᠭᠡᠰᠦ ᠦᠯᠡᠳᠡᠭᠡᠨ ᠥᠭᠴᠡᠢ᠃

      ᠮᠣᠩᠭᠣᠯ ᠳᠠᠭᠤᠤ ᠤᠷᠠᠯᠢᠭ ‍ᠤᠨ ᠢᠶᠡᠨ ᠲᠥᠯᠥᠭᠡ ᠣᠯᠠᠨ ᠶᠠᠭᠤᠮ᠎ᠠ ᠶ᠋ᠢ ᠬᠢᠵᠦ ᠪᠦᠲᠦᠭᠡᠨ᠂ ᠬᠣᠶᠢᠴᠢ ᠦᠶ᠎ᠡ ᠶ᠋ᠢᠨ ᠬᠢᠨ ᠳ᠋ᠤ ᠪᠠᠨ ᠶᠠᠭᠤ ᠨᠢᠭᠡ ᠶ᠋ᠢ ᠥᠪᠯᠡᠨ ᠤᠯᠠᠮᠵᠢᠯᠠᠭᠤᠯᠬᠤ ᠬᠡᠮᠡᠨ ᠨᠠᠰᠤ ᠪᠠᠷ ᠢᠶᠡᠨ ᠵᠢᠳᠬᠦᠭᠰᠡᠨ ᠴᠢᠯᠠᠭᠤᠨᠪᠦ᠋ᠬᠡ ᠭᠤᠸᠠᠢ ᠪᠣᠷᠣᠭᠠᠨ ᠴᠠᠰᠤ ᠲᠠᠢ ᠡᠳᠦᠷ ᠭᠡᠵᠦ ᠬᠠᠶᠢᠬᠤᠷᠤᠯ ᠦᠭᠡᠢ 《 ᠲᠡᠭᠷᠢ ᠲᠠᠯ᠎ᠠ ᠳᠠᠭᠤᠤ ᠬᠥᠭᠵᠢᠮ ‍ᠤᠨ ᠰᠦᠯᠵᠢᠶ᠎ᠡ 》 ᠶ᠋ᠢ ᠮᠠᠨᠢ ᠵᠣᠷᠢᠵᠤ ᠢᠷᠡᠭᠰᠡᠨ ᠨᠢ ᠦᠨᠡᠬᠡᠷ ᠴᠦ ᠪᠢᠳᠡ ᠪᠦᠬᠦᠳᠡ ᠶ᠋ᠢᠨ ᠣᠮᠣᠭᠰᠢᠯ  ᠪᠥᠭᠡᠳ ᠤᠷᠮᠠᠰᠢᠯ ᠠᠵᠢ᠃

     

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ