ᠠᠳᠤᠭᠤᠨ ᠤ ᠭᠠᠳᠠᠷ ᠡᠷᠭᠡᠳᠡᠨ ᠤ ᠨᠡᠷᠡᠶᠢᠳᠤᠯ

ᠤᠩᠰᠢᠭᠰᠠᠨ ᠤᠳᠠᠭ᠎ᠠ ᠄ 1159    ᠨᠡᠶᠢᠳᠡᠯᠡᠭᠰᠡᠨ ᠴᠠᠭ ᠄ 2017-03-02

ᠠᠳᠤᠭᠤᠨ ᠤ ᠭᠠᠳᠠᠷ ᠡᠷᠭᠡᠳᠡᠨ ᠤ ᠨᠡᠷᠡᠶᠢᠳᠤᠯ ᠳ᠋ᠤ ᠦᠰᠦ ᠲᠤᠭᠤᠷᠠᠢ ᠶ᠋ᠢᠨ ᠨᠡᠷᠡᠶᠢᠳᠤᠯ᠂ ᠬᠦᠵᠦᠭᠦᠦ ᠲᠣᠯᠤᠭᠠᠢ ᠶ᠋ᠢᠨ ᠨᠡᠷᠡᠶᠢᠳᠦᠯ᠂ ᠴᠡᠭᠡᠵᠢ ᠪᠦᠭᠰᠡᠨ ᠬᠡᠰᠡᠭ ᠤᠨ ᠨᠡᠷᠡᠶᠢᠳᠤᠯ ᠪᠠᠭᠳᠠᠨ᠎ᠠ᠃


ᠠᠳᠤᠭᠤᠨ ᠤ ᠦᠰᠦ ᠲᠤᠭᠤᠷᠠᠢ ᠶ᠋ᠢᠨ ᠨᠡᠷᠡᠶᠢᠳᠦᠯ

ᠠᠳᠤᠭᠤᠨ ᠤ ᠦᠰᠦ ᠲᠤᠭᠤᠷᠠᠢ ᠶ᠋ᠢᠨ ᠨᠡᠷᠡᠶᠢᠳᠤᠯ ᠳ᠋ᠤ ᠪᠦᠷᠬᠦᠬᠦᠯ ᠦᠰᠦ᠂ ᠬᠦᠬᠦᠯ᠂ ᠳᠡᠯ᠂ ᠮᠣᠨᠳᠠᠭ᠎ᠠ᠂ ᠭᠡᠵᠢᠭᠡ᠂ ᠰᠣᠷᠮᠤᠤᠰᠤ᠂ ᠰᠠᠮᠠᠢ᠂ ᠰᠡᠬᠦᠯ᠂ ᠲᠤᠭᠤᠷᠠᠢ᠂ ᠰᠢᠪᠡᠷᠢ ᠬᠣᠬᠢᠰᠦ ᠭᠡᠬᠦ ᠮᠡᠳᠦ ᠶ᠋ᠢᠨ ᠣᠯᠠᠨ ᠨᠡᠷ᠎ᠡ ᠪᠣᠢ᠃


ᠠᠳᠤᠭᠤᠨ ᠤ ᠪᠦᠷᠬᠦᠬᠦᠯ ᠦᠰᠦ

ᠠᠳᠤᠭᠤ ᠪᠤᠯ ᠪᠦᠬᠦ ᠪᠡᠶ᠎ᠡ ᠳ᠋ᠡᠭᠡᠨ ᠨᠢᠮᠬᠡᠨ ᠪᠦᠷᠬᠦᠬᠦᠯ ᠦᠰᠦ ᠲᠠᠢ᠃ ᠪᠦᠷᠬᠦᠬᠦᠯ ᠦᠰᠦ ᠨᠢ ᠰᠤᠷ᠂ ᠨᠤᠤᠰᠤᠯᠢᠭ ᠡᠳ᠋᠂ ᠬᠢᠯᠭᠠᠰᠦ ᠪᠡᠷ ᠪᠦᠷᠢᠯᠳᠦᠳᠡᠭ ᠪᠦᠭᠡᠳ᠂ ᠬᠣᠨᠢ᠂ ᠢᠮᠠᠭ᠎ᠠ᠂ ᠲᠡᠮᠡᠭᠡ ᠶ᠋ᠢ ᠪᠣᠳᠤᠪᠠᠯ ᠨᠤᠤᠰᠤᠯᠢᠭ ᠦᠰᠦ ᠨᠢ ᠰᠢᠩᠭᠡᠪᠳᠦᠷᠬᠡᠨ ᠤᠷᠭᠤᠵᠦ᠂ ᠪᠣᠰᠤᠳ ᠭᠠᠵᠠᠷ ᠤᠨ ᠪᠦᠷᠬᠦᠬᠦᠯ ᠦᠰᠦ ᠨᠢ ᠵᠢᠭᠳᠠ ᠤᠷᠭᠤᠳᠠᠭ᠃


ᠠᠳᠤᠭᠤᠨ ᠤ ᠬᠦᠬᠦᠯ

ᠠᠳᠤᠭᠤᠨ ᠤ ᠲᠣᠯᠤᠭᠠᠢ ᠶ᠋ᠢᠨ ᠣᠪᠤᠭ᠎ᠠ ᠡᠴᠡ ᠰᠢᠯᠢᠨ ᠬᠦᠵᠦᠭᠦᠦ᠂ ᠰᠡᠷᠪᠡᠭᠡ ᠳᠡᠭᠡᠭᠦᠷ ᠨᠢ ᠰᠠᠬᠤᠯᠢᠭ ᠵᠤᠵᠠᠭᠠᠨ ᠤᠷᠳᠤ ᠦᠰᠦ ᠤᠷᠭᠤᠳᠠᠭ ᠢ ᠶᠡᠷᠦᠩᠬᠡᠢ ᠳ᠋ᠤᠨᠢ ᠳᠡᠯ ᠭᠡᠵᠦ ᠨᠡᠷᠡᠯᠡᠳᠡᠭ ᠪᠣᠯᠪᠠᠴᠦ ᠳᠤᠲᠤᠷ᠎ᠠ ᠨᠢ ᠬᠦᠬᠦᠯ᠂ ᠳᠡᠯ᠂ ᠮᠣᠨᠳᠠᠭ᠎ᠠ ᠭᠡᠵᠦ ᠢᠯᠭᠠᠳᠠᠭ᠃ ᠠᠳᠤᠭᠤᠨ ᠤ ᠲᠣᠯᠤᠭᠠᠢ ᠶ᠋ᠢᠨ ᠣᠪᠤᠭᠠᠨ ᠳᠡᠭᠡᠷᠡᠬᠢ ᠬᠣᠶᠠᠷ ᠴᠢᠬᠢᠨ ᠤ ᠬᠣᠭᠤᠷᠤᠨᠳᠤᠬᠢ ᠦᠰᠦ ᠶ᠋ᠢ ᠬᠦᠬᠦᠯ ᠭᠡᠵᠦ ᠨᠡᠷᠡᠯᠡᠨ᠎ᠡ᠃ ᠬᠦᠬᠦᠯ ᠢ ᠪᠠᠰᠠ ᠰᠣᠭᠰᠤᠭ᠎ᠠ ᠭᠡᠳᠡᠭ᠃


ᠠᠳᠤᠭᠤᠨ ᠤ ᠳᠡᠯ

ᠠᠳᠤᠭᠤᠨ ᠤ ᠬᠣᠶᠠᠷ ᠴᠢᠬᠢ ᠡᠴᠡ ᠠᠷᠤᠨᠰᠢ ᠰᠡᠷᠪᠡᠭᠡ ᠬᠦᠷᠳᠡᠯᠡᠬᠢ ᠦᠰᠦ ᠶ᠋ᠢ ᠳᠡᠯ ᠭᠡᠳᠡᠭ᠂ ᠠᠳᠤᠭᠤᠨ ᠤ ᠳᠡᠯ ᠤᠷᠳᠤ ᠰᠠᠬᠤᠯᠢᠭ ᠤᠷᠭᠤᠳᠠᠭ᠃ ᠬᠤᠷ ᠳᠡᠯ ᠲᠠᠢ ᠠᠵᠢᠷᠭ᠎ᠠ ᠪᠣᠶᠤ ᠭᠡᠭᠦᠦ ᠶ᠋ᠢᠨ ᠳᠡᠯ ᠡᠪᠦᠳᠦᠭ ᠢᠶᠡᠨ ᠳᠠᠪᠠᠵᠦ ᠭᠠᠵᠠᠷ ᠰᠢᠭᠦᠷᠳᠡᠭ᠃ ᠠᠳᠤᠭᠤᠨ ᠤ ᠳᠡᠯ ᠪᠣᠷᠤᠭᠤᠰᠢ ᠪᠠᠨ ᠵᠦᠪᠰᠢ ᠪᠡᠨ ᠪᠦᠷ ᠤᠨᠵᠠᠶᠢᠳᠠᠭ᠂ ᠭᠤᠤᠯ ᠢᠶᠠᠷ ᠢᠶᠡᠨ ᠤᠷᠳᠤᠯᠵᠢᠨ ᠬᠠᠭᠠᠷᠠᠵᠦ ᠬᠣᠶᠠᠷ ᠲᠡᠰᠢ ᠤᠨᠵᠠᠶᠢᠭᠰᠠᠨ ᠳᠡᠯ ᠢ ᠱᠠᠩᠬᠤᠯᠠᠵᠦ ᠪᠠᠭᠤᠭᠰᠠᠨ ᠳᠡᠯ ᠭᠡᠳᠡᠭ᠃


ᠠᠳᠤᠭᠤᠨ ᠤ ᠮᠣᠨᠳᠠᠭ᠎ᠠ

ᠠᠳᠤᠭᠤᠨ ᠤ ᠰᠡᠷᠪᠡᠭᠡᠨ ᠳᠡᠭᠡᠷᠡᠬᠢ ᠪᠣᠶᠤ ᠰᠡᠷᠪᠡᠭᠡ ᠡᠴᠡ ᠶᠠᠯᠢᠮ ᠦᠭᠡᠢ ᠠᠷᠤᠨᠰᠢᠬᠢ ᠤᠷᠳᠤ ᠦᠰᠦ ᠶ᠋ᠢ ᠮᠣᠨᠳᠠᠭ᠎ᠠ ᠭᠡᠳᠡᠭ᠃ ᠠᠳᠤᠭᠤᠨ ᠤ ᠳᠡᠯ ᠠᠪᠬᠤ ᠳ᠋ᠤ ᠮᠣᠨᠳᠠᠭ᠎ᠠ᠂ ᠬᠦᠬᠦᠯ ᠢ ᠨᠢ ᠬᠢᠷᠭᠠᠳᠠᠭ ᠦᠭᠡᠢ ᠶᠣᠰᠤ ᠪᠣᠢ᠃


ᠠᠳᠤᠭᠤᠨ ᠤ ᠰᠣᠷᠮᠤᠤᠰᠤ

ᠠᠳᠤᠭᠤᠨ ᠤ ᠨᠢᠳᠤᠨ ᠤ ᠠᠨᠢᠰᠬ᠎ᠠ ᠶ᠋ᠢᠨ ᠢᠷᠮᠡᠭ ᠳᠠᠭᠤ ᠤᠷᠭᠤᠭᠰᠠᠨ ᠤᠷᠳᠤ ᠦᠰᠦ ᠶ᠋ᠢ ᠰᠣᠷᠮᠤᠤᠰᠤ ᠭᠡᠳᠡᠭ᠃


ᠠᠳᠤᠭᠤᠨ ᠤ ᠰᠠᠮᠠᠢ

ᠠᠳᠤᠭᠤᠨ ᠤ ᠰᠡᠭᠦᠯ ᠤᠨ ᠤᠭ ᠤᠨ ᠶᠠᠰᠤ ᠶ᠋ᠢ ᠪᠦᠷᠬᠦᠵᠦ ᠤᠷᠭᠤᠭᠰᠠᠨ ᠦᠨᠳᠦᠷ ᠬᠢᠯᠭᠠᠰᠦ ᠶ᠋ᠢ ᠰᠠᠮᠠᠢ ᠭᠡᠳᠡᠭ᠃


ᠠᠳᠤᠭᠤᠨ ᠤ ᠰᠡᠭᠦᠯ

ᠠᠳᠤᠭᠤᠨ ᠤ ᠶᠠᠰᠦ ᠰᠡᠭᠦᠯ ᠡᠴᠡ ᠳᠣᠷᠤᠭᠰᠢ ᠤᠷᠭᠤᠵᠦ ᠰᠠᠭᠯᠠᠭ᠎ᠠ ᠳ᠋ᠠᠭᠠᠨ ᠬᠦᠷᠦᠭᠰᠡᠨ ᠤᠷᠳᠤ ᠪᠠᠭᠴᠠ ᠬᠢᠯᠭᠠᠰᠦ ᠶ᠋ᠢ ᠰᠡᠭᠦᠯ ᠭᠡᠨ᠎ᠡ᠃ ᠪᠠᠰᠠ ᠳᠤᠭ ᠰᠡᠭᠦᠯ ᠭᠡᠬᠦ ᠪᠤᠶᠤ ᠰᠡᠭᠦᠯ ᠤᠨ ᠬᠢᠯᠭᠠᠰᠦ ᠭᠡᠳᠡᠭ᠃


ᠠᠳᠤᠭᠤᠨ ᠤ ᠡᠷᠭᠢᠭᠦᠯᠭᠡ

ᠠᠳᠤᠭᠤᠨ ᠤ ᠪᠡᠶ᠎ᠡ ᠳᠡᠭᠡᠷᠡᠬᠢ ᠠᠯᠢ ᠨᠢᠭᠡᠨ ᠬᠡᠰᠡᠭ ᠤᠨ ᠦᠰᠦ ᠨᠢ ᠤᠰᠤᠨ ᠤ ᠣᠶᠢᠯ ᠮᠡᠳᠦ ᠡᠷᠭᠢᠭᠦᠯᠭᠡᠨ ᠭᠠᠷᠴᠦ ᠤᠷᠭᠤᠭᠰᠠᠨ ᠢ ᠠᠳᠤᠭᠤᠨ ᠤ ᠡᠷᠭᠢᠭᠦᠯᠭᠡ ᠭᠡᠳᠡᠭ᠃


ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄