ᠮᠤᠡᠭᠭᠤᠯ ᠵᠢᠡᠷ ᠵᠢᠡᠨ ᠪᠠᠬᠠᠷᠬᠠᠭᠰᠠᠨ ᠰᠤᠷᠭᠠᠭᠤᠯᠢ ᠡᠬᠢᠯᠡᠭᠦ ᠠᠡᠭᠬᠠᠨ ‍ᠤ ᠡᠳᠦᠷ

ᠤᠩᠰᠢᠭᠰᠠᠨ ᠤᠳᠠᠭ᠎ᠠ ᠄ 1264    ᠨᠡᠶᠢᠳᠡᠯᠡᠭᠰᠡᠨ ᠴᠠᠭ ᠄ 2017-03-02

3 ᠳ᠋ᠤᠭᠠᠷ ᠰᠠᠷ᠎ᠠ ᠵᠢᠨ 1 ‍ᠤ ᠡᠳᠦᠷ᠂ ᠬᠠᠪᠤᠷ ‍ᠤᠨ ᠤᠯᠠᠷᠢᠯ ‍ᠤᠨ ᠰᠤᠷᠭᠠᠭᠤᠯᠢ ᠡᠬᠢᠯᠡᠭᠦ ᠪᠠᠶᠠᠷᠳᠦ ᠮᠦᠴᠡ ᠪᠡᠷ᠂ ᠰᠢᠯᠢ ᠵᠢᠨ ᠬᠤᠳᠠ ᠵᠢᠨ ᠮᠤᠡᠭᠭᠤᠯ ᠦᠨᠳᠦᠰᠦᠳᠡᠨ ‍ᠤ ᠭᠡᠦᠭᠡᠳ ‍ᠤᠨ ᠴᠡᠴᠡᠷᠯᠢᠭ ᠨᠢ ᠲᠠᠪᠠᠭ ᠢᠳᠡᠭᠡ ᠪᠡᠨ ᠵᠠᠰᠠᠵᠦ᠂ ᠰᠠᠮᠪᠠᠢ ᠬᠠᠳᠠᠭ ᠵᠢᠡᠨ ᠲᠡᠯᠭᠡᠨ᠂ ᠦᠷᠭᠡᠨ ᠤᠯᠠᠨ ᠭᠡᠷ ‍ᠤᠨ ᠠᠬᠠᠮᠠᠳ ᠪᠤᠯᠤᠨ ᠭᠦᠭᠡᠷᠦᠭᠦᠨ ᠴᠤᠪᠤᠭᠤ ᠰᠤᠷᠤᠭᠴᠢᠳ ᠵᠢᠡᠨ ᠮᠤᠡᠭᠭᠤᠯ ᠶᠤᠰᠤ ᠪᠡᠷ ᠤᠭᠳᠤᠨ ᠠᠪᠤᠯ᠎ᠠ᠃     

ᠭᠠᠳᠠᠭᠠᠳᠦ ᠤᠷᠴᠢᠨ ᠡᠴᠠ ᠶᠠᠭᠤᠮ᠎ᠠ ᠪᠦᠭᠦᠨ ‍ᠢ ᠤᠶᠤᠨ ᠤᠬᠠᠭᠠᠨ ᠳ᠋ᠠᠭᠠᠨ ᠤᠷᠤᠭᠤᠯᠵᠦ ᠰᠢᠡᠭᠭᠡᠭᠡᠭᠦ ᠳ᠋ᠡᠭᠡᠨ ᠰᠤᠷᠭᠠᠭᠤᠯᠢ ᠭᠡᠳᠡᠭ ᠡᠨᠡ ᠶᠡᠭᠡ ᠭᠡᠷ ‍ᠤᠨ ᠪᠤᠱᠤᠭ᠎ᠠ ᠵᠢ ᠠᠯᠬᠤᠬᠤ ᠶᠤᠰᠤᠳᠠᠢ ᠪᠠᠶᠢᠳᠠᠭ ‍ᠤᠨ ᠤᠴᠢᠷ᠂ ᠭᠡᠦᠭᠡᠳ ‍ᠤᠳ ᠮᠠᠨᠢ ᠴᠦ ᠡᠨᠡᠷᠢᠯᠳᠦ ᠪᠠᠬᠰᠢ ᠵᠢᠨ ᠵᠢᠡᠨ ᠠᠡᠭᠭᠢᠷ ᠴᠠᠭᠠᠨ ᠤᠶᠦᠨ ᠡᠴᠠ ᠰᠤᠶᠤᠯ ‍ᠤᠨ ᠰᠢᠮ᠎ᠡ ᠵᠢ ᠭᠦᠷᠳᠡᠭᠦ ᠪᠡᠷ ᠮᠤᠡᠭᠭᠤᠯ ᠬᠤᠪᠴᠠᠰᠦ ᠪᠡᠷ ᠵᠢᠡᠨ ᠭᠤᠶᠤᠯᠠᠨ ᠰᠤᠷᠭᠠᠭᠤᠯᠢ ᠳ᠋ᠠᠭᠠᠨ ᠢᠷᠡᠵᠦ᠂ ᠪᠠᠭᠰᠢ ᠠᠬᠠᠮᠠᠳ ᠲᠠᠢ ᠪᠡᠨ ᠮᠤᠡᠭᠭᠤᠯ ᠶᠤᠰᠤ ᠪᠡᠷ ᠵᠤᠯᠭᠠᠵᠠᠭᠠᠨ᠎ᠠ᠃    

ᠦᠨᠳᠦᠰᠦᠳᠡᠨ ‍ᠤ ᠪᠡᠨ ᠰᠤᠷᠭᠠᠨ ᠭᠦᠮᠦᠵᠢᠯ ᠵᠢᠡᠷ ᠤᠨᠴᠠᠯᠢᠭ ᠪᠤᠯᠭᠠᠵᠦ᠂ ᠭᠡᠦᠭᠡᠳ ‍ᠤᠨ ᠤᠢ ᠪᠢᠯᠢᠭ ‍ᠢ ᠨᠡᠭᠡᠭᠡᠭᠳᠡᠭᠦᠯᠵᠦ᠂ ᠪᠦᠭᠦ ᠲᠠᠯ᠎ᠠ ᠵᠢᠨ ᠬᠢᠨᠢ ᠭᠦᠭᠵᠢᠯᠳᠡ ᠵᠢ ᠠᠬᠢᠭᠤᠯᠬᠤ ᠪᠡᠷ ᠵᠤᠷᠢᠯᠭ᠎ᠠ ᠪᠤᠯᠭᠠᠭᠰᠠᠨ ᠲᠤᠰ ᠬᠡᠦᠬᠡᠳ ᠦᠨ ᠴᠡᠴᠡᠷᠯᠢᠭ ᠨᠢ ᠤᠳᠤᠬᠠᠨ 13 ᠮᠤᠡᠭᠭᠤᠯ ᠠᠡᠭᠭᠢ ᠳ᠋ᠠᠭᠠᠨ 450 ᠭᠠᠷᠦᠢ ᠰᠤᠷᠤᠭᠴᠢ ᠲᠠᠢ ᠪᠠᠶᠢᠵᠦ᠂ ᠬᠠᠪᠤᠷ ᠤᠨ ᠤᠯᠠᠷᠢᠯ ᠰᠤᠷᠭᠠᠭᠤᠯᠢ ᠡᠬᠢᠯᠡᠭᠦ ᠪᠦᠷᠢ ᠤᠯᠠᠮᠵᠢᠯᠠᠯᠳᠦ ᠶᠤᠰᠤ ᠪᠡᠷ ᠵᠢᠡᠨ ᠭᠡᠦᠭᠡᠳ ‍ᠤᠳ ᠵᠢᠡᠨ ᠤᠬᠳᠤᠨ ᠠᠪᠳᠠᠭ ᠪᠠᠶᠢᠵᠠᠢ᠃ 《 ᠨᠠᠮ᠎ᠠ ᠵᠢ 2014 ᠤᠨ ᠳ᠋ᠥ ᠡᠨᠳᠡ ᠠᠵᠢᠯᠯᠠᠭᠰᠠᠨ ᠡᠴᠠ ᠠᠪᠤᠭᠠᠳ ᠵᠢᠯ ᠪᠦᠷᠢ ᠢᠡᠭᠭᠢᠵᠦ ᠮᠤᠡᠭᠭᠤᠯ ᠬᠤᠪᠴᠠᠰᠦ ᠪᠡᠷ ᠵᠢᠡᠨ ᠭᠤᠶᠤᠯᠠᠨ᠂ ᠴᠠᠭᠠᠨ ᠢᠳᠡᠭᠡ ᠵᠠᠰᠠᠵᠦ᠂ ᠭᠡᠷ ‍ᠤᠨ ᠠᠬᠠᠮᠠᠳ ᠪᠤᠯᠤᠨ ᠭᠡᠦᠭᠡᠳ ‍ᠤᠳ ᠲᠠᠢ ᠪᠡᠨ ᠬᠠᠳᠠᠭ ᠪᠠᠷᠢᠨ ᠵᠤᠯᠭᠠᠳᠠᠭ᠃ ᠢᠡᠭᠭᠢᠭᠦ ᠨᠢᠬᠡᠦᠬᠡᠳ ᠦᠳ ᠲᠦ ᠬᠠᠷᠠᠬᠠᠨ ᠪᠠᠭ᠎ᠠ ᠡᠴᠠ ᠨᠢ ᠮᠤᠡᠭᠭᠤᠯ ᠤᠯᠠᠮᠵᠢᠯᠠᠯᠳᠦ ᠶᠤᠰᠤ ᠵᠢ ᠲᠠᠨᠢᠭᠤᠯᠬᠤ ᠪᠡᠷ ᠪᠠᠷᠠᠬᠤ ᠦᠭᠡᠢ ᠭᠡᠷ ᠪᠦᠯᠢ ᠵᠢᠨ ᠬᠠᠯᠠᠭᠤᠨ ᠲᠤᠯᠠᠭᠠᠬᠠᠨ ᠲᠦᠷᠦᠭᠳᠡᠯ ᠦᠭᠴᠦ᠂ ᠰᠤᠷᠭᠠᠭᠤᠯᠢ ᠵᠢᠨ ᠠᠮᠢᠳᠦᠷᠠᠯ ᠳ᠋ᠥ ᠲᠠᠰᠬᠤ ᠳ᠋ᠤᠨᠢ ᠲᠤᠡᠭ ᠲᠡᠮᠵᠢᠯᠭᠡ ᠪᠤᠯᠳᠠᠭ 》 ᠭᠡᠵᠦ ᠡᠷᠳᠡᠨᠢᠳᠠᠨ᠎ᠠ ᠪᠠᠭᠰᠢ ᠰᠤᠷᠪᠤᠯᠵᠢᠯᠠᠭᠴᠢ ᠳ᠋ᠥ ᠤᠴᠢᠷᠯᠠᠨ᠎ᠠ᠃ ᠰᠤᠷᠤᠭᠴᠢ ᠪᠡᠨ ᠭᠦᠷᠭᠡᠨ ᠢᠷᠡᠭᠰᠡᠨ ᠭᠡᠷ ‍ᠤᠨ ᠠᠬᠠᠮᠠᠳ ᠲᠤᠡᠭᠭᠠᠯᠠᠭ᠄ 《 ᠤᠳᠤ ᠴᠠᠭ ᠬᠤᠳᠠ ᠭᠠᠵᠠᠷ ᠠᠮᠢᠳᠤᠷᠠᠵᠦ ᠪᠠᠶᠢᠭ᠎ᠠ ᠮᠤᠡᠭᠭᠤᠯ ᠭᠡᠦᠭᠡᠳ ‍ᠤᠨ ᠵᠠᠷᠢᠮ ᠨᠢ ᠮᠤᠡᠭᠭᠤᠯ ᠠᠮᠢᠳᠦᠷᠠᠯ ᠲᠠᠢ ᠤᠶᠢᠷᠠᠳᠬᠤ ᠦᠭᠡᠢ ᠡᠴᠠ ᠪᠤᠯᠵᠦ ᠮᠤᠡᠭᠭᠤᠯ ᠶᠤᠰᠤ ᠵᠠᠡᠭᠰᠢᠯ ᠵᠢᠡᠨ ᠮᠠᠷᠳᠠᠵᠦ ᠪᠠᠶᠢᠭ᠎ᠠ ᠨᠢ ᠤᠯᠠᠨ᠂ ᠭᠡᠦᠭᠡᠳ ‍ᠤᠨ ᠴᠡᠴᠡᠷᠯᠢᠭ ‍ᠤᠨ ᠡᠨᠡᠭᠦ ᠠᠵᠢᠯᠯᠠᠭ᠎ᠠ ᠨᠢ ᠶᠠᠭ ᠡᠶᠢᠮᠦᠷᠭᠦ ᠳᠤᠲᠠᠭᠳᠠᠯ ᠢ ᠨᠦᠬᠦᠪᠦᠷᠢᠯᠡᠵᠦ᠂ ᠬᠡᠦᠬᠡᠳ ᠦᠳ ᠲᠦ ᠮᠤᠡᠭᠭᠤᠯ ᠶᠤᠰᠤ ᠵᠢ ᠲᠠᠨᠢᠭᠤᠯᠵᠦ ᠴᠢᠳᠠᠯ᠎ᠠ᠂ ᠪᠠᠬᠰᠢ ᠨᠡᠷ ᠲᠠᠭᠠᠨ ᠲᠠᠯᠠᠷᠬᠠᠵᠦ ᠪᠠᠶᠢᠨ᠎ᠠ ᠰᠢᠦ 》 ᠭᠡᠵᠦ ᠪᠠᠶᠠᠷᠳᠠᠶᠢᠬᠠᠨ ᠶᠠᠷᠢᠨ᠎ᠠ᠃









ᠢᠷᠡᠯᠳᠡ᠄ ᠰᠢᠯᠢ ᠶᠢᠨ ᠭᠣᠣᠯ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄