ᠵᠠᠯᠠᠭᠤ ᠳᠠᠭᠤᠴᠢᠨ ᠥᠯᠵᠡᠢ

ᠤᠩᠰᠢᠭᠰᠠᠨ ᠤᠳᠠᠭ᠎ᠠ ᠄ 956    ᠨᠡᠶᠢᠳᠡᠯᠡᠭᠰᠡᠨ ᠴᠠᠭ ᠄ 2017-02-28

ᠥᠯᠵᠡᠢ᠂ 1976 ᠣᠨ ᠳᠤ ᠤᠯᠠᠭᠠᠨᠬᠠᠳᠠ ᠬᠣᠲᠠ ᠶᠢᠨ ᠪᠠᠭᠠᠷᠢᠨ ᠪᠠᠷᠠᠭᠤᠨ ᠬᠣᠰᠢᠭᠤᠨ ᠤ ᠰᠣᠪᠣᠷᠭ᠎ᠠ ᠰᠤᠮᠤ ᠶᠢᠨ ᠬᠦᠷᠢᠶ᠎ᠡ ᠠᠶᠢᠯ ᠳᠤ ᠲᠥᠷᠥᠪᠡ᠃ ᠬᠠᠷᠠᠬᠠᠨ ᠪᠠᠭ᠎ᠠ ᠠᠴᠠ ᠪᠠᠨ ᠳᠠᠭᠤᠤ ᠤᠷᠠᠯᠢᠭ ᠲᠤ ᠤᠷ᠎ᠠ ᠠᠪᠢᠶᠠᠰ ᠲᠠᠢ ᠪᠠᠶᠢᠭᠰᠠᠨ ᠲᠡᠷᠡ 1997 ᠣᠨ ᠳᠤ ᠤᠯᠠᠭᠠᠨᠬᠠᠳᠠ ᠬᠣᠲᠠ ᠶᠢᠨ ᠦᠨᠳᠦᠰᠦᠲᠡᠨ ᠦ ᠳᠠᠭᠤᠤ ᠪᠥᠵᠢᠭ ᠦᠨ ᠪᠦᠯᠬᠦᠮ ᠦᠨ ᠠᠯᠳᠠᠷᠲᠤ ᠤᠷᠲᠤ ᠶᠢᠨ ᠳᠠᠭᠤᠴᠢᠨ ᠬᠠᠰᠪᠠᠲᠤ ᠶᠢᠨ ᠭᠠᠷ ᠤᠨ ᠱᠠᠪᠢ ᠪᠣᠯᠵᠤ ᠤᠷᠲᠤ ᠶᠢᠨ ᠳᠠᠭᠤᠤ ᠳᠠᠭᠤᠯᠠᠬᠤᠢ ᠶᠢᠨ ᠮᠡᠷᠭᠡᠵᠢᠯ ᠰᠤᠷᠪᠠ᠃ ᠣᠷᠴᠢᠮ ᠤᠨ ᠵᠢᠯ ᠦᠳ ᠲᠦ ᠲᠡᠷᠡ ᠣᠷᠣᠨ ᠤ ᠪᠠ ᠬᠣᠲᠠ ᠶᠢᠨ ᠲᠧᠯᠸᠢᠰ ᠦᠳᠡᠰᠢᠯᠡᠭᠡ ᠳᠦ ᠣᠷᠣᠯᠴᠠᠵᠤ᠂ ᠣᠯᠠᠨ ᠤᠳᠠᠭᠠᠨ ᠤ ᠤᠷᠲᠤ ᠶᠢᠨ ᠳᠠᠭᠤᠤ ᠶᠢᠨ ᠮᠥᠷᠥᠶᠢᠴᠡᠭᠡᠨ ᠳᠦ ᠤᠶᠠᠩᠭᠠᠲᠤ ᠢᠷᠠᠭᠤ ᠬᠣᠭᠣᠯᠠᠢ ᠪᠠᠷ ᠢᠶᠠᠨ ᠣᠯᠠᠨᠲᠠ ᠱᠠᠩᠨᠠᠯ ᠬᠦᠬᠢᠭᠦᠯᠦᠯ ᠲᠣᠰᠴᠤ ᠶᠠᠪᠤᠪᠠ᠃ ᠥᠯᠵᠡᠢ ᠪᠣᠯ ᠦᠶ᠎ᠡ ᠣᠯᠠᠨ ᠦᠵᠡᠭᠴᠢᠳ ᠰᠣᠨᠣᠰᠣᠭᠴᠢᠳ ᠤᠨ ᠢᠶᠠᠨ ᠬᠠᠯᠠᠭᠤᠨ ᠬᠦᠷᠢᠶᠡᠯᠡᠯ ᠢ ᠣᠯᠣᠭᠰᠠᠨ ᠵᠠᠯᠠᠭᠤ ᠳᠠᠭᠤᠴᠢᠨ ᠶᠤᠮ᠃ ᠲᠡᠷᠡ ᠣᠳᠣ ᠤᠯᠠᠭᠠᠨᠬᠠᠳᠠ ᠬᠣᠲᠠ ᠶᠢᠨ ᠬᠥᠬᠡ ᠬᠠᠳᠠᠭ ᠤᠷᠠᠯᠢᠭ ᠤᠨ ᠪᠦᠯᠬᠦᠮ ᠦᠨ ᠳᠠᠭᠠᠭᠠᠮᠠᠯ᠂ ᠭᠣᠣᠯᠯᠠᠭᠴᠢ ᠳᠠᠭᠤᠴᠢᠨ ᠪᠣᠯᠵᠤ ᠥᠷᠭᠡᠨ ᠣᠯᠠᠨ ᠰᠣᠨᠣᠰᠣᠭᠴᠢᠳ ᠦᠵᠡᠭᠴᠢᠳ ᠦᠨ ᠠᠯᠲᠠᠨ ᠰᠣᠨᠣᠷ ᠤᠨ ᠮᠢᠯᠢᠶᠠᠵᠤ ᠶᠠᠪᠤᠭᠰᠠᠭᠠᠷ ᠁


ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ