ᠠᠨᠳᠠ ᠬᠠᠮᠲᠤᠯᠢᠭ ᠤᠨ ᠰᠢᠨ᠎ᠡ ᠲᠠᠭᠤᠤ — ᠪᠤᠷᠢᠶᠠᠳ

ᠤᠩᠰᠢᠭᠰᠠᠨ ᠤᠳᠠᠭ᠎ᠠ ᠄ 885    ᠨᠡᠶᠢᠳᠡᠯᠡᠭᠰᠡᠨ ᠴᠠᠭ ᠄ 2017-02-28


       

ᠮᠤᠩᠭᠤᠯᠴᠤᠳ ᠤᠨ ᠢᠵᠠᠭᠤᠷ ᠤᠷᠠᠯᠢᠭ ᠤᠨ ᠭᠠᠶᠢᠬᠠᠮᠰᠢᠭ ᠢᠶᠠᠷ ᠭᠠᠨᠭ᠍ᠭᠠᠷᠡᠵᠦ ᠪᠤᠢ ᠠᠨᠳᠠ ᠬᠠᠮᠳᠤᠯᠢᠭ ᠨᠢ ᠤᠷᠴᠢᠮ ᠬᠠᠮᠤᠭ ᠰᠢᠨ᠎ᠠ ᠳᠠᠭᠤᠤ ᠶᠢᠨ MV  《 ᠪᠤᠷᠢᠶᠡᠳ 》 ᠳᠠᠭᠤᠤ ᠪᠠᠨ ᠤᠯᠠᠨ᠎ᠠ ᠬᠦᠷᠬᠡᠪᠡ᠃ ᠳᠤᠰ ᠳᠠᠭᠤᠤ ᠶᠢᠨ ᠵᠢᠷᠤᠭ ᠠᠪᠤᠯᠳᠠ ᠶᠢ ᠠᠮᠧᠷᠢᠺᠡ ᠳᠤ ᠬᠢᠭᠰᠡᠨ ᠪᠠᠶᠢᠨ᠎ᠠ᠃ MV  ᠳᠦ ᠨᠠᠷᠡ ᠦᠯᠦ ᠮᠡᠳᠡᠭ ᠳᠤᠰᠬᠤ ᠮᠤᠳᠤᠳ ᠤᠨ ᠳᠤᠮᠳᠠ᠂ ᠤᠰᠤ ᠨᠢ ᠦᠯᠦ ᠮᠡᠳᠡᠭ ᠴᠡᠩᠭᠡᠷᠳᠦᠬᠦ ᠨᠠᠭᠤᠷ ᠤᠨ ᠬᠦᠪᠡᠬᠡᠨ᠎ᠠ᠂ ᠳᠡᠷᠯᠢᠭ ᠳᠡᠪᠡᠯ ᠢᠶᠠᠷ ᠢᠶᠠᠨ ᠭᠤᠶᠤᠭᠰᠠᠨ ᠠᠨᠳᠠ ᠬᠠᠮᠳᠤᠯᠢᠭ ᠡᠬᠡᠬᠡ ᠯᠡ ᠳᠠᠭᠤᠤ ᠳᠠᠭᠠᠨ ᠤᠶᠠᠷᠡᠭᠠᠳ ᠰᠤᠭᠳᠤᠵᠦ ᠪᠤᠢ ᠮᠡᠳᠦ ᠬᠠᠷᠠᠭᠳᠠᠵᠦ᠂ ᠮᠤᠷᠢᠨ ᠬᠤᠭᠤᠷ᠂ ᠺᠢᠲ᠋ᠠᠷ ᠤᠨ ᠠᠶᠠᠯᠭᠤ᠂ ᠳᠠᠭᠤᠴᠢᠨ ᠤ ᠬᠤᠭᠤᠯᠠᠢ ᠨᠢ ᠶᠠᠭ ᠯᠡ ᠨᠠᠮ ᠨᠠᠮᠤᠭᠤᠬᠠᠨ ᠢ ᠦᠬᠦᠯᠡᠵᠦ ᠪᠤᠢ ᠮᠡᠳᠦ ᠰᠤᠨᠤᠰᠳᠠᠨ᠎ᠠ᠃ ᠳᠠᠭᠤᠤ ᠶᠢᠨ ᠦᠬᠡ ᠶᠢ ᠨᠠ᠊ · ᠰᠧᠮᠵᠢᠳ᠂ ᠠᠶᠠᠯᠭᠤ ᠶᠢ ᠴᠡᠴᠡᠭᠮ᠎ᠠ ᠵᠤᠬᠢᠶᠠᠵᠠᠢ᠃ 《 ᠨᠡᠷᠡᠨ ᠤ ᠬᠠᠷᠭᠤᠢ ᠶᠢᠨ ᠦᠵᠦᠬᠦᠷ ᠪᠤᠷᠢᠶᠡᠳ / ᠵᠢᠯ ᠤᠨ ᠡᠷᠬᠢᠴᠡ ᠶᠢᠨ ᠬᠦᠷᠳᠦᠨ ᠪᠤᠷᠢᠶᠡᠳ / ᠠᠷᠢᠭᠤᠬᠠᠨ ᠤᠨᠤᠨ ᠤ ᠡᠬᠢᠨ ᠪᠤᠷᠢᠶᠡᠳ / ᠠᠯᠤᠩᠭᠤᠸ᠎ᠠ ᠡᠵᠢ ᠶᠢᠨ ᠳᠦᠷᠬᠦᠮ ᠪᠤᠷᠢᠶᠡᠳ / ᠴᠡᠯᠮᠡᠭ ᠳᠡᠭᠷᠢ ᠶᠢᠨ ᠴᠢᠷᠡᠢ ᠪᠤᠷᠢᠶᠡᠳ / ᠴᠡᠴᠡᠨ ᠮᠡᠷᠬᠡᠳ ᠤᠨ ᠤᠬᠠᠭᠠᠨ ᠪᠤᠷᠢᠶᠡᠳ / ᠬᠠᠭᠠᠨ ᠡᠵᠡᠨ ᠤ ᠵᠢᠬᠦᠷ ᠪᠤᠷᠢᠶᠡᠳ / ᠬᠠᠳᠤᠨ ᠡᠵᠢ ᠶᠢᠨ ᠰᠡᠳᠬᠢᠯ ᠪᠤᠷᠢᠶᠡᠳ 》 ᠬᠡᠮᠡᠨ ᠳᠠᠭᠤᠯᠠᠳᠠᠭ ᠪᠠᠶᠢᠨ᠎ᠠ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄