ᠵᠠᠯᠠᠭᠤ ᠳᠠᠭᠤᠴᠢᠨ ᠰᠠᠷᠠᠨᠬᠣᠸᠠᠷ

ᠤᠩᠰᠢᠭᠰᠠᠨ ᠤᠳᠠᠭ᠎ᠠ ᠄ 1010    ᠨᠡᠶᠢᠳᠡᠯᠡᠭᠰᠡᠨ ᠴᠠᠭ ᠄ 2017-02-23ᠰᠠᠷᠠᠨᠬᠣᠸᠠᠷ᠂ ᠠᠯᠠᠱᠠ ᠠᠶᠢᠮᠠᠭ ‍ᠤᠨ ᠠᠯᠠᠱᠠ ᠵᠡᠭᠥᠨ ᠬᠣᠰᠢᠭᠤ ᠪᠠᠷ ᠨᠤᠲᠤᠭ ᠲᠠᠢ ᠵᠠᠯᠠᠭᠤ ᠳᠠᠭᠤᠴᠢᠨ᠃ 2002 - 2007 ᠣᠨ ᠳ᠋ᠤ ᠳᠡᠳᠮ᠎ᠠ ᠣᠷᠠᠯᠢᠭ ᠤᠨ ᠳᠡᠭᠡᠳᠦ ᠰᠤᠷᠭᠠᠭᠤᠯᠢ ᠳᠤ ᠰᠤᠷᠤᠯᠴᠠᠨ᠂ 2009 - 2010 ᠣᠨ ᠳᠤ ᠲᠥᠪ ᠦᠨ ᠳᠠᠭᠤᠤ ᠬᠥᠭᠵᠢᠮ ᠦᠨ ᠳᠡᠭᠡᠳᠦ ᠰᠤᠷᠭᠠᠭᠤᠯᠢ ᠳᠦ ᠳᠠᠪᠰᠢᠨ ᠰᠤᠷᠤᠯᠴᠠᠪᠠ᠃

ᠣᠯᠣᠭᠰᠠᠨ ᠠᠮᠵᠢᠯᠲᠠ ᠪᠦᠲᠦᠭᠡᠯ᠄

1998 ᠣᠨ ᠤ ᠬᠦᠬᠡᠬᠣᠲᠡ ᠳ᠋ᠥ ᠪᠣᠯᠣᠭᠰᠠᠨ ᠥᠪᠥᠷ ᠮᠣᠩᠭᠣᠯ ᠣᠷᠣᠨ ᠤ ᠪᠠᠭᠠᠴᠣᠳ ᠬᠡᠦᠬᠡᠳ ᠤᠨ ᠳᠠᠭᠤᠤ ᠶ᠋ᠢᠨ ᠣᠷᠣᠯᠳᠣᠭᠠᠨ ‍ᠤ ᠮᠠᠩᠯᠠᠢ᠃

2001 ᠣᠨ ‍ᠤ ᠠᠯᠠᠱᠠ ᠵᠡᠭᠦᠨ ᠬᠣᠰᠢᠭᠤᠨ ᠳᠤ ᠪᠣᠯᠣᠭᠰᠠᠨ ᠥᠪᠥᠷ ᠮᠣᠩᠭᠣᠯ ᠤᠨ ᠠᠯᠠᠱᠠ - ᠲᠠᠯ᠎ᠠ ᠨᠣᠲᠣᠭ ᠤᠨ ᠳᠠᠭᠤᠤ ᠶ᠋ᠢᠨ ᠣᠷᠣᠯᠳᠣᠭᠠᠨ ᠤ ᠮᠠᠩᠯᠠᠢ᠃

2006 ᠣᠨ ‍ᠤ ᠪᠠᠷᠠᠭᠣᠨ ᠣᠷᠣᠨ ᠢ ᠨᠡᠬᠡᠭᠡᠨ ᠬᠥᠭᠵᠢᠭᠦᠯᠬᠦ ᠳᠠᠭᠤᠤ ᠶ᠋ᠢᠨ ᠣᠷᠣᠯᠳᠣᠭᠠᠨ ᠤ ᠠᠯᠲᠠᠨ ᠮᠸᠲᠠᠯ ‍ᠤᠨ ᠡᠵᠡᠨ᠃

2006 ᠣᠨ ‍ᠤ ᠲᠥᠪ ᠦᠨ ᠲᠸᠯᠸᠢᠰ ᠬᠣᠷᠢᠶ᠎ᠠ ᠶ᠋ᠢᠨ 《 ᠣᠳᠣᠳ ‍ᠤᠨ ᠭᠢᠯᠪᠠᠭᠠᠲᠤ ᠵᠠᠮ 》 ᠳᠠᠭᠤᠤ ᠶ᠋ᠢᠨ ᠲᠡᠮᠡᠴᠡᠭᠡᠨ ‍ᠤ 11 ᠳ᠋ᠤᠭᠡᠷ ᠬᠣᠭᠣᠴᠠᠭᠠᠨ ᠤ ᠭᠠᠷᠠᠭ ᠤᠨ ᠮᠠᠩᠯᠠᠢ᠃

2005 ᠣᠨ ᠳ᠋ᠥ 《 ᠴᠡᠴᠡᠭ ᠦᠨ ᠰᠢᠪᠡᠨᠡᠭᠡ 》 ᠳᠠᠭᠣᠣ ᠨᠢ 《 ᠲᠠᠪᠤ ᠨᠢᠭᠡ ᠢᠨᠵᠧᠨᠧᠷᠢᠩ 》 ᠤᠨ ᠱᠠᠩᠨᠠᠯ ᠬᠦᠷᠲᠡᠪᠡ᠃

2015 ᠣᠨ ᠳ᠋ᠥ ᠬᠤᠪᠢ ᠬᠥᠮᠥᠨ ‍ᠤ ᠠᠩᠬᠠᠳᠠᠭᠴᠢ ᠲᠤᠰᠬᠠᠢ ᠴᠣᠮᠣᠭ ᠢᠶᠠᠨ ᠲᠠᠷᠬᠠᠭᠠᠪᠠ᠃

ᠣᠷᠣᠯᠴᠠᠭᠰᠠᠨ ᠦᠳᠡᠰᠢᠯᠡᠭᠡ ᠲᠣᠭᠯᠠᠯᠲᠠ᠄

2003 ᠣᠨ ‍ᠤ ᠰᠢᠯᠢ ᠶ᠋ᠢᠨ ᠭᠣᠣᠯ ᠠᠶᠢᠮᠠᠭ ᠤᠨ ᠰᠢᠯᠣᠭᠣᠨ ᠬᠦᠪᠡᠭᠡᠲᠦ ᠴᠠᠭᠠᠨ ᠬᠣᠰᠢᠭᠣᠨ ‍ᠤ ᠰᠢᠨ᠎ᠡ ᠵᠢᠯ ᠢᠶ᠋ᠡᠨ ᠣᠭᠲᠣᠬᠣ ᠴᠠᠭᠠᠨ ᠰᠠᠷ᠎ᠠ ᠶ᠋ᠢᠨ ᠦᠳᠡᠰᠢᠯᠡᠭᠡ᠃

2005 ᠣᠨ᠂ 2006 ᠣᠨ᠂ 2008 ᠣᠨ᠂ 2009 ᠣᠨ᠂ 2015 ᠣᠨ᠂ 2016 ᠣᠨ ‍ᠤ ᠥᠪᠥᠷ ᠮᠣᠩᠭᠣᠯ ᠤᠨ ᠮᠣᠩᠭᠣᠯ ᠣᠳᠣᠨ ᠲᠸᠯᠸᠢᠰ ‍ᠤᠨ ᠴᠠᠭᠠᠨ ᠰᠠᠷ᠎ᠠ ᠶ᠋ᠢᠨ ᠤᠷᠠᠨ ᠰᠠᠶᠢᠬᠠᠨ ‍ᠤ ᠦᠳᠡᠰᠢᠯᠡᠭᠡ᠃

2007 ᠣᠨ ‍ᠤ ᠴᠸᠩ ᠯᠥᠩ ᠨᠡᠭᠦᠷᠡᠰᠥᠨ ᠦ ᠪᠥᠯᠥᠭᠯᠡᠯ ᠡᠴᠠ ᠡᠷᠬᠢᠯᠡᠭᠰᠡᠨ ᠴᠠᠭᠠᠨ ᠰᠠᠷ᠎ᠠ ᠶ᠋ᠢᠨ ᠦᠳᠡᠰᠢᠯᠡᠭᠡ᠃

2007 ᠣᠨ ‍ᠤ ᠥᠪᠥᠷ ᠮᠣᠩᠭᠣᠯ ᠤᠨ ᠵᠣᠣ ᠵᠢᠶᠦ᠋ᠨ ᠰᠣᠶᠣᠯ ‍ᠤᠨ ᠨᠠᠶᠢᠷ ‍ᠤᠨ ᠦᠳᠡᠰᠢᠯᠡᠭᠡ᠃

2007 ᠣᠨ ‍ᠤ ᠥᠪᠥᠷ ᠮᠣᠩᠭᠣᠯ ‍ᠤᠨ ᠥᠪᠡᠷᠳᠡᠭᠡᠨ ᠵᠠᠰᠠᠬᠣ ᠣᠷᠣᠨ ᠪᠠᠶᠢᠭᠤᠯᠤᠭᠳᠠᠭᠰᠠᠨ ᠵᠢᠷᠠᠨ ᠵᠢᠯ ᠦᠨ ᠣᠢ ᠶ᠋ᠢ ᠪᠡᠯᠭᠡᠯᠡᠬᠦ ᠤᠷᠠᠨ ᠰᠠᠶᠢᠬᠠᠨ ᠤ ᠦᠳᠡᠰᠢᠯᠡᠭᠡ᠃

2009 ᠣᠨ ‍ᠤ ᠳᠣᠮᠳᠠᠳᠣ ᠮᠣᠩᠭᠣᠯ ᠬᠣᠶᠠᠷ ᠣᠯᠣᠰ ᠤᠨ ᠨᠥᠬᠦᠷᠰᠡᠭ ᠬᠠᠷᠢᠯᠴᠠᠭᠠᠨ ᠤ ᠲᠣᠮᠦ ᠬᠡᠯᠪᠡᠷᠢ ᠶ᠋ᠢᠨ ᠤᠷᠠᠨ ᠰᠠᠶᠢᠬᠠᠨ ‍ᠤ ᠦᠳᠡᠰᠢᠯᠡᠭᠡ᠃

2013 ᠣᠨ ‍ᠤ ᠲᠦᠩᠯᠢᠶᠣᠣ ᠬᠣᠲᠠ ᠳᠤ ᠪᠣᠯᠣᠭᠰᠠᠨ ᠣᠯᠠᠨ ᠤᠯᠤᠰ ‍ᠤᠨ ᠮᠣᠷᠢᠨ ᠤᠷᠤᠯᠳᠤᠭᠠᠨ ‍ᠤ ᠨᠠᠶᠢᠷ ‍ᠤᠨ ᠦᠳᠡᠰᠢᠯᠡᠭᠡ᠃

2016 ᠣᠨ ‍ᠤ ᠠᠯᠠᠱᠠ ᠠᠶᠢᠮᠠᠭ ‍ᠤᠨ ᠴᠠᠭᠠᠨ ᠰᠠᠷ᠎ᠠ ᠶ᠋ᠢᠨ ᠦᠳᠡᠰᠢᠯᠡᠭᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ