ᠤᠮᠳᠤᠭᠠᠢᠯᠠᠵᠤ ᠪᠤᠯᠤᠰᠢ ᠦᠭᠡᠢ ᠲᠠᠬᠰᠢᠭᠤᠷ ᠤᠨ ᠰᠤᠷᠪᠤᠯᠵᠢ

ᠤᠩᠰᠢᠭᠰᠠᠨ ᠤᠳᠠᠭ᠎ᠠ ᠄ 2248    ᠨᠡᠶᠢᠳᠡᠯᠡᠭᠰᠡᠨ ᠴᠠᠭ ᠄ 2017-02-23

1.ᠬᠦᠯ ᠵᠢᠡᠭᠬᠢᠨᠡᠬᠦ᠄ ᠹᠢᠼᠢᠤᠯᠤᠬᠢ ᠶ᠋ᠢᠨ ᠤᠨᠴᠠᠯᠢᠬ ᠡᠴᠠ ᠪᠤᠯᠵᠤ ᠬᠦᠯ ᠤᠨ ᠴᠢᠰᠤᠨ ᠬᠠᠡᠭᠭᠠᠯᠳᠠ ᠬᠠᠷᠢᠴᠠᠡᠭᠭᠤᠢ ᠪᠠᠭ᠎ᠠ ᠲᠤᠯᠠ ᠬᠦᠯ ᠠᠮᠠᠷᠬᠠᠨ ᠵᠢᠡᠭᠬᠢᠨᠡᠳᠡᠭ᠃ ᠬᠦᠯ ᠵᠢᠡᠭᠬᠢᠨᠠᠪᠠᠯ ᠲᠡᠭᠡᠳᠦ ᠠᠮᠢᠰᠬᠤᠯ ᠤᠨ ᠵᠠᠮ ᠤᠨ ᠡᠪᠡᠳᠴᠢᠨ ᠡᠰᠡᠷᠬᠦᠴᠡᠬᠦ ᠴᠢᠳᠠᠪᠤᠷᠢ ᠪᠠᠭᠤᠷᠠᠳᠠᠬ᠃ ᠲᠤᠯᠠᠭᠠᠨ ᠤ ᠭᠡᠮᠵᠢᠶ᠎ᠠ 7 ᠭᠷᠠᠳᠦ᠋ᠰ ᠡᠴᠠ ᠲᠤᠷᠤᠬᠰᠢ ᠪᠤᠯᠬᠤ ᠦᠶ᠎ᠠ ᠳ᠋ᠤ ᠬᠦᠯ ᠡᠬᠢᠯᠡᠵᠤ ᠵᠢᠡᠭᠬᠢᠨᠡᠬᠦ ᠪᠦᠭᠡᠳ ᠲᠤᠰᠬᠠᠯ ᠤᠨ ᠴᠢᠨᠠᠷ ᠲᠠᠢ ᠪᠠᠷ ᠬᠠᠮᠠᠷ ᠤᠨ ᠰᠠᠯᠢᠰᠤᠳᠤ ᠪᠦᠷᠬᠦᠪᠴᠢ ᠶ᠋ᠢᠨ ᠰᠤᠳᠠᠯ ᠠᠪᠴᠢᠨ᠎ᠠ᠃ ᠡᠶᠢᠮᠦ ᠡᠴᠠ ᠬᠦᠯ ᠢᠶᠡᠨ ᠲᠤᠯᠠᠭᠠᠯᠠᠬᠤ ᠪᠤᠯ ᠲᠠᠬᠰᠢᠭᠤᠷ ᠰᠡᠷᠭᠡᠶᠢᠯᠡᠬᠦ ᠪᠦᠳᠦᠮᠵᠢᠳᠡᠢ ᠠᠷᠭ᠎ᠠ ᠶ᠋ᠢᠨ ᠨᠢᠭᠡ ᠮᠦᠨ᠃       

2.ᠭᠠᠷ ᠪᠤᠬᠢᠷᠳᠤᠬᠤ᠄ ᠲᠠᠬᠰᠢᠭᠤᠷ ᠤᠨ ᠡᠪᠡᠳᠴᠢᠨ ᠤ ᠬᠤᠤᠷ ᠭᠠᠷ ᠲᠡᠭᠡᠷ᠎ᠠ 70 ᠴᠠᠬ ᠠᠮᠢᠳᠤᠷᠠᠵᠤ ᠴᠢᠳᠠᠬᠤ ᠶ᠋ᠢ ᠰᠤᠳᠤᠯᠭᠠᠨ ᠭᠡᠷᠡᠴᠢᠯᠡᠵᠤ ᠪᠤᠢ᠃ ᠲᠠᠬᠰᠢᠭᠤᠷ ᠬᠦᠷᠦᠭᠰᠡᠨ ᠬᠦᠮᠦᠨ ᠨᠢᠰᠦ ᠪᠠᠨ ᠠᠷᠴᠢᠬᠤ ᠭᠡᠳ ᠰᠠᠨᠠᠮᠰᠠᠷ ᠦᠭᠡᠢ ᠭᠠᠷ ᠲᠠᠭᠠᠨ ᠨᠠᠭᠠᠯᠳᠤᠭᠤᠯᠤᠬᠰᠠᠨ ᠦᠶ᠎ᠠ ᠳ᠋ᠤ ᠪᠤᠰᠤᠳ ᠬᠦᠮᠦᠨ ᠲᠡᠬᠦᠨ ᠲᠠᠢ ᠭᠠᠷ ᠠᠳᠬᠤᠵᠤ᠂ ᠲᠡᠬᠦᠨ ᠤ ᠭᠡᠷᠡᠭᠯᠡᠭᠰᠡᠨ ᠭᠠᠷ ᠤᠲᠠᠰᠤ ᠶ᠋ᠢ ᠪᠠᠷᠢᠬᠤ᠂ ᠪᠤᠰᠤᠳ ᠭᠠᠷ ᠬᠦᠷᠦᠭᠰᠡᠨ ᠶᠠᠭᠤᠮ᠎ᠠ ᠶ᠋ᠢ ᠭᠡᠷᠡᠭᠯᠡᠬᠦ ᠵᠡᠷᠭᠡ ᠲᠤᠬᠢᠶᠠᠯᠳᠤᠯ ᠳ᠋ᠤ ᠲᠠᠬᠰᠢᠭᠤᠷ ᠬᠠᠯᠳᠠᠪᠤᠷᠢᠯᠠᠳᠠᠬ᠃ ᠡᠶᠢᠮᠦ ᠡᠴᠠ ᠭᠠᠷ ᠢᠶᠡᠨ ᠦᠷᠬᠦᠯᠵᠢ ᠴᠡᠪᠡᠷ ᠪᠠᠶᠢᠯᠭᠠᠬᠤ ᠨᠢ ᠲᠤᠡᠭ ᠴᠢᠬᠤᠯᠠ ᠶᠤᠮ᠃       

3.ᠰᠡᠳᠬᠢᠯ ᠵᠤᠪᠠᠬᠤ᠄ ᠵᠠᠷᠢᠮ ᠠᠵᠢᠯ ᠠᠯᠳᠠᠬᠰᠠᠨ᠂ ᠢᠨᠠᠬ ᠡᠪᠳᠡᠷᠡᠭᠰᠡᠨ᠂ ᠤᠷᠤᠬ ᠰᠠᠯᠤᠬᠰᠠᠨ ᠡᠴᠠ ᠰᠠᠨᠠᠭ᠎ᠠ ᠠᠮᠤᠷ ᠦᠭᠡᠢ ᠪᠤᠯᠤᠬᠰᠠᠨ ᠬᠦᠮᠦᠰ ᠢ ᠪᠠᠶᠢᠴᠠᠭᠠᠭᠰᠠᠨ ᠤ ᠳ᠋ᠦᠡᠭ ᠳ᠋ᠤ ᠡᠳᠡᠭᠡᠷ ᠬᠦᠮᠦᠰ ᠰᠠᠨᠠᠭ᠎ᠠ ᠰᠡᠳᠬᠢᠯ ᠲᠠᠯᠪᠢᠭᠤᠨ ᠬᠦᠮᠦᠨ ᠢ ᠪᠤᠳᠤᠪᠠᠯ ᠲᠠᠬᠰᠢᠭᠤᠷ ᠬᠦᠷᠬᠦ ᠨᠢ ᠢᠯᠡᠬᠦᠦ ᠪᠠᠶᠢᠳᠠᠭ᠃ ᠡᠨᠡ ᠨᠢ ᠰᠠᠨᠠᠭ᠎ᠠ ᠰᠡᠳᠬᠢᠯ ᠠᠮᠤᠷ ᠦᠭᠡᠢ ᠪᠤᠯ ᠪᠡᠶ᠎ᠠ ᠶ᠋ᠢᠨ ᠭᠡᠰᠡᠭ ᠪᠦᠯᠦᠭ ᠡᠪᠡᠳᠴᠢᠨ ᠡᠰᠡᠷᠬᠦᠴᠡᠬᠦ ᠴᠢᠳᠠᠪᠤᠷᠢ ᠪᠠᠭᠤᠷᠠᠳᠠᠬ ᠡᠴᠠ ᠪᠤᠯᠵᠠᠢ᠃       

4.ᠰᠢᠳᠦᠨ ᠱᠤᠸᠠᠰᠠ ᠴᠢᠬᠢᠭᠳᠦᠬᠦ᠄ ᠰᠢᠳᠦᠨ ᠱᠤᠸᠠᠰᠠ ᠦᠷᠬᠦᠯᠵᠢ ᠴᠢᠬᠢᠭ ᠲᠠᠢ ᠪᠠᠶᠢᠪᠠᠯ ᠡᠪᠡᠳᠴᠢᠨ ᠤ ᠬᠤᠤᠷ ᠠᠮᠠᠷᠬᠠᠨ ᠦᠷᠡᠵᠢᠵᠤ ᠰᠢᠳᠦ ᠤᠬᠢᠶᠠᠬᠤ ᠦᠶ᠎ᠠ ᠳ᠋ᠤ ᠪᠦᠢᠯᠡ ᠭᠡᠮᠳᠦᠬᠦ ᠪᠠᠷ ᠲᠠᠮᠵᠢᠨ ᠲᠠᠬᠰᠢᠭᠤᠷ ᠬᠠᠯᠳᠠᠪᠤᠷᠢᠯᠠᠳᠠᠬ᠃       

5.ᠲᠠᠪᠤᠰᠤᠯᠠᠬᠰᠠᠨ ᠢᠳᠡᠭᠡᠨ ᠦᠷᠬᠦᠯᠵᠢ ᠢᠳᠡᠬᠦ᠄ ᠲᠠᠪᠤᠰᠤ ᠨᠢ ᠰᠢᠯᠦᠰᠦ ᠬᠤᠷᠠᠬᠤ ᠶ᠋ᠢ ᠪᠠᠭᠠᠰᠬᠠᠳᠠᠬ ᠪᠦᠭᠡᠳ ᠠᠮᠠᠨ ᠬᠦᠨᠳᠡᠢ ᠶ᠋ᠢᠨ ᠪᠠᠺᠲᠸᠷᠢ ᠠᠭᠤᠰᠬᠠᠬᠤ ᠢᠰᠭᠡᠬᠦᠷ ᠢ ᠴᠤ ᠪᠠᠭᠠᠰᠬᠠᠳᠠᠬ ᠲᠤᠯᠠ ᠡᠪᠡᠳᠴᠢᠨ ᠤ ᠬᠤᠤᠷ ᠠᠮᠠᠨ ᠬᠦᠨᠳᠡᠢ ᠶ᠋ᠢᠨ ᠪᠠᠺᠲ᠋ᠸᠷᠢ ᠠᠭᠤᠰᠬᠠᠬᠤ ᠢᠰᠭᠡᠬᠦᠷ ᠢ ᠴᠤ ᠪᠠᠭᠠᠰᠬᠠᠳᠠᠬ ᠲᠤᠯᠠ ᠡᠪᠡᠳᠴᠢᠨ ᠤ ᠬᠤᠤᠷ ᠠᠮᠠᠨ ᠬᠦᠨᠳᠡᠢ ᠶ᠋ᠢᠨ ᠰᠠᠯᠢᠰᠤᠳᠤ ᠪᠦᠷᠬᠦᠪᠴᠢ ᠪᠠᠷ ᠲᠠᠮᠵᠢᠨ ᠲᠠᠬᠰᠢᠭᠤᠷ ᠬᠠᠯᠳᠠᠪᠤᠷᠢᠯᠠᠳᠠᠬ᠃

ᠢᠷᠡᠯᠳᠡ᠄ ᠤᠯᠠᠭᠠᠨᠬᠠᠳᠠ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄