ᠦᠷᠦᠭᠡᠯ ᠳ᠋ᠥ ᠰᠠᠷᠭᠠᠢ ᠪᠡᠯᠡᠭᠯᠡᠪᠡᠯ ᠦᠪᠡᠷ ᠲᠤ ᠴᠢᠨᠢ ᠦᠨᠦᠷ ᠨᠢ ᠰᠢᠩᠭᠡᠨ᠎ᠡ

ᠤᠩᠰᠢᠭᠰᠠᠨ ᠤᠳᠠᠭ᠎ᠠ ᠄ 3008    ᠨᠡᠶᠢᠳᠡᠯᠡᠭᠰᠡᠨ ᠴᠠᠭ ᠄ 2017-02-21

《 ᠦᠷᠦᠭᠡᠯ ᠳ᠋ᠥ ᠰᠠᠷᠭᠠᠢ ᠪᠡᠯᠡᠭᠯᠡᠪᠡᠯ᠂ ᠥᠪᠡᠷ ᠲᠦ ᠴᠢᠨᠢ ᠦᠨᠦᠷ ᠨᠢ ᠰᠢᠩᠭᠡᠨ᠎ᠡ 》ᠤᠷᠢᠳᠦ ᠴᠠᠭ ᠲᠤ ᠴᠡᠴᠡᠭ ᠬᠤᠳᠠᠯᠳᠣᠳᠠᠭ ᠭᠡᠦᠭᠡᠨ ᠪᠠᠶᠢᠵᠦ ᠭᠡᠨ᠎ᠡ᠃ ᠡᠳᠦᠷ ᠲᠤᠵᠢ ᠴᠡᠴᠡᠭ ᠢᠶᠡᠨ ᠬᠤᠳᠠᠯᠳᠣᠭᠠᠳ ᠣᠷᠦᠢ ᠪᠣᠯᠬᠤ ᠪᠠᠷ ᠭᠡᠷ ᠲᠦ ᠬᠠᠷᠢᠬᠤ ᠭᠡᠵᠦ ᠶᠠᠭᠠᠷᠠᠬᠤ ᠳ᠋ᠥ ᠪᠠᠨ ᠰᠠᠭᠰᠣᠨ ᠳ᠋ᠥ ᠪᠠᠨ ᠦᠯᠡᠳᠡᠭᠰᠡᠨ ᠬᠠᠮᠤᠭ ᠰᠡᠭᠦᠯᠴᠢ ᠶ᠋ᠢᠨ ᠨᠢᠭᠡ ᠬᠥᠢᠰ ᠰᠠᠷᠭᠠᠢ ᠴᠡᠴᠡᠭ ᠢᠶ᠋ᠡᠨ ᠪᠤᠳᠠᠭ᠎ᠠ ᠭᠤᠶᠤᠵᠦ ᠪᠠᠶᠢᠭᠰᠠᠨ ᠭᠤᠶᠢᠷᠠᠨᠴᠢ ᠵᠠᠯᠠᠭᠤ ᠳ᠋ᠥ ᠠᠳᠬᠤᠭᠤᠯᠣᠭᠠᠳ ᠬᠠᠷᠢᠵᠠᠢ᠃     

ᠭᠤᠶᠢᠷᠡᠨᠴᠢ ᠵᠠᠯᠠᠭᠤ ᠡᠨᠡ ᠰᠠᠶᠢᠬᠠᠨ ᠴᠡᠴᠡᠭ  ᠢ ᠬᠠᠷᠠᠭᠠᠳ ᠲᠤᠩ ᠰᠤᠴᠢᠵᠠᠢ᠃ ᠡᠳᠦᠢ ᠲᠣᠮᠦ  ᠪᠤᠯᠳᠠᠯ᠎ᠠ ᠠᠩᠬ᠎ᠠ ᠤᠳᠠᠭ᠎ᠠ ᠪᠠᠨ ᠡᠶᠢᠮᠦ ᠰᠠᠶᠢᠬᠠᠨ ᠴᠡᠴᠡᠭ  ᠢ ᠲᠣᠰᠦᠯ᠎ᠠ᠂ ᠠᠩᠬ᠎ᠠ ᠤᠳᠠᠭ᠎ᠠ ᠪᠤᠰᠣᠳ ᠲᠤ ᠢᠩᠬᠢᠵᠦ ᠬᠦᠮᠦᠨ ᠢᠶᠠᠷ ᠦᠵᠡᠭᠳᠡᠯ᠎ᠡ᠂ ᠲᠡᠷᠡ ᠦᠪᠡᠷ ‍ᠢ ᠪᠠᠨ ᠦᠪᠡᠷ ᠢᠶᠡᠨ ᠴᠦ ᠢᠳᠡᠭᠡᠵᠦ ᠶᠠᠳᠠᠮ᠎ᠠ ᠪᠤᠯᠵᠠᠢ᠃ ᠲᠡᠷᠡ ᠪᠠᠶᠠᠷᠯᠠᠬᠤ ᠳ᠋ᠥ ᠪᠠᠨ ᠪᠤᠳᠠᠭ᠎ᠠ ᠭᠤᠶᠤᠬᠤ ᠪᠠᠨ ᠪᠠᠶᠢᠵᠦ᠂ ᠮᠠᠭᠤ ᠤᠷᠤᠴᠠ ᠳ᠋ᠥ ᠪᠠᠨ ᠬᠠᠷᠢᠵᠡᠢ᠃ ᠤᠷᠤᠴᠠ ᠳ᠋ᠥ ᠪᠠᠨ ᠬᠦᠷᠦᠮᠡᠭᠴᠠ ᠣᠤᠯ ‍ᠤᠨ ᠰᠢᠭ᠋ ᠢᠶᠡᠨ ᠠᠳᠣᠷᠢᠨ ᠬᠡᠪᠳᠡᠭᠦ ᠪᠠᠨ ᠪᠠᠶᠢᠵᠦ ᠬᠤᠭ ‍ᠤᠨ ᠣᠪᠤᠭᠠᠨ ᠡᠴᠠ ᠲᠡᠭᠦᠵᠦ ᠤᠯᠤᠭᠰᠠᠨ ᠬᠡᠯᠳᠡᠷᠭᠡᠢ ᠯᠣᠩᠬᠤᠨ ᠳ᠋ᠥ ᠪᠠᠨ ᠤᠰᠦ ᠬᠢᠵᠦ᠂ ᠰᠠᠷᠠᠭᠠᠢ ᠴᠡᠴᠡᠭ ᠢᠶ᠋ᠡᠨ ᠵᠠᠶᠢᠯᠠᠵᠦ ᠲᠠᠯᠪᠢᠵᠡᠢ᠃ ᠲᠡᠷᠡ ᠭᠤᠶᠣ ᠰᠠᠶᠢᠬᠠᠨ ᠴᠡᠴᠡᠭ ᠢᠶ᠋ᠡᠨ ᠰᠢᠷᠳᠡᠭᠰᠡᠭᠡᠷ ᠰᠠᠭᠤᠯ᠎ᠠ᠃ ᠬᠠᠷᠠᠭᠠᠳ ᠪᠠᠶᠢᠬᠤ ᠪᠡᠷ ᠨᠢ ᠪᠤᠵᠠᠷ ᠪᠤᠷᠳᠠᠭ ᠲᠠᠢ ᠭᠡᠯᠳᠡᠷᠭᠡᠢ ᠯᠣᠩᠬᠤ ᠨᠢ ᠴᠡᠪᠡᠷ ᠭᠤᠶᠤᠬᠠᠨ ᠰᠠᠶᠢᠬᠠᠨ ᠴᠡᠴᠡᠭ ᠲᠠᠢ ᠲᠡᠩᠴᠡᠮ᠎ᠡ ᠦᠭᠡᠢ ᠰᠠᠨᠠᠭᠳᠠᠬᠤ ᠪᠡᠷ ᠭᠠᠳᠠᠨ᠎ᠠ ᠭᠠᠷᠴᠦ ᠪᠦᠳᠦᠨ ᠰᠠᠶᠢᠬᠠᠨ ᠯᠤᠩᠬᠤ ᠤᠯᠵᠦ ᠴᠡᠪ ᠴᠡᠪᠡᠷᠭᠡᠨ ᠤᠭᠢᠶᠠᠭᠠᠳ ᠤᠰᠦ ᠬᠢᠭᠡᠳ ᠴᠡᠴᠡᠭ ᠢᠶ᠋ᠡᠨ ᠲᠡᠬᠢᠵᠦ ᠬᠠᠳᠬᠤᠵᠦ ᠲᠠᠯᠪᠢᠵᠡᠢ᠃ ᠲᠡᠷᠡ ᠭᠤᠶᠤᠬᠠᠨ ᠴᠡᠴᠡᠭ᠂ ᠴᠡᠪᠡᠷ ᠯᠣᠩᠬᠣ ᠪᠠᠨ ᠬᠠᠷᠠᠭᠰᠠᠭᠠᠷ ᠰᠠᠭᠤᠯ᠎ᠠ᠃ ᠡᠶᠢᠮᠦ ᠪᠣᠵᠠᠷ ᠮᠠᠭᠤᠬᠠᠢ ᠰᠢᠷᠡᠭᠡᠨ ᠳ᠋ᠥ ᠡᠶᠢᠮᠦ ᠰᠠᠶᠢᠬᠠᠨ ᠴᠡᠴᠡᠭ ‍ᠢ ᠶᠠᠭᠠᠬᠢᠵᠦ ᠲᠠᠯᠪᠢᠵᠦ ᠪᠣᠯᠬᠤ ᠪᠤᠢ᠂ ᠲᠡᠷᠡ ᠵᠦᠯᠬᠦᠬᠦᠷ ᠠᠪᠴᠦ ᠰᠢᠷᠡᠭᠡ ᠪᠡᠨ ᠭᠡᠷᠡᠯ ᠭᠠᠷᠳᠠᠯ᠎ᠠ ᠵᠦᠯᠭᠦᠵᠡᠢ᠃ ᠡᠶᠢᠮᠦ ᠡᠷᠦᠢ ᠬᠤᠷᠦᠢ ᠦᠭᠡᠢ ᠮᠠᠭᠤᠬᠠᠢ ᠭᠡᠷ ᠲᠦ ᠡᠶᠢᠮᠦ ᠴᠡᠪᠡᠷ ᠰᠢᠷᠡᠭᠡ ᠶ᠋ᠢ ᠶᠠᠭᠠᠬᠢᠵᠦ ᠲᠠᠯᠪᠢᠵᠦ ᠪᠤᠯᠣᠨ᠎ᠠ ᠪᠤᠢ᠂ ᠲᠡᠷᠡ ᠲᠡᠬᠢᠨ ᠭᠡᠷ ᠢᠶ᠋ᠡᠨ ᠴᠡᠪᠡᠷᠯᠡᠪᠡ᠃ ᠭᠡᠷ ᠤᠷᠤᠨ ᠨᠢ ᠭᠡᠷᠡᠯᠳᠦᠬᠦ ᠰᠢᠭ ᠪᠤᠯᠵᠠᠢ᠃ ᠭᠡᠷ ᠢᠶ᠋ᠡᠨ ᠴᠡᠪᠡᠷᠯᠡᠵᠦ ᠪᠠᠷᠠᠭᠠᠳ ᠬᠠᠭᠠᠷᠬᠠᠢ ᠲᠣᠯᠢᠨ ᠳ᠋ᠥ ᠦᠪᠦᠶᠢᠵᠦ ᠰᠡᠭᠰᠡᠶᠢᠭᠰᠡᠨ ᠦᠰᠦ ᠲᠠᠢ ᠡᠷᠢᠶᠠᠨ ᠬᠠᠯᠳᠠᠷ ᠵᠢᠰᠦ ᠴᠢᠷᠠᠢ ᠪᠡᠨ ᠤᠯᠵᠦ ᠬᠠᠷᠠᠯ᠎ᠠ᠃ ᠡᠶᠢᠮᠦ ᠴᠡᠪᠡᠷ ᠭᠡᠷ ᠲᠦ ᠡᠶᠢᠮᠦ ᠮᠠᠭᠤᠬᠠᠢ ᠵᠢᠰᠦ ᠪᠡᠷ ᠶᠠᠭᠠᠬᠢᠵᠦ ᠪᠣᠯᠬᠤ ᠪᠢᠯᠡ᠂ ᠲᠡᠷᠡ ᠲᠠᠬᠢᠨ ᠦᠰᠦ ᠬᠡᠵᠢᠭᠡ ᠪᠡᠨ ᠣᠭᠠᠵᠦ ᠶᠠᠩᠵᠤᠯᠠᠪᠠ᠃ ᠴᠡᠪᠡᠷᠭᠡᠨ ᠵᠢᠰᠤᠨ ᠳ᠋ᠦ ᠨᠢ ᠪᠤᠵᠡᠷ ᠬᠤᠪᠴᠠᠰᠦ ᠨᠢ ᠵᠣᠭᠢᠷᠠᠬᠤ ᠦᠭᠡᠢ ᠰᠢᠭ ᠪᠣᠳᠤᠭᠳᠠᠨ᠂ ᠴᠡᠪᠡᠷ ᠰᠢᠭ ᠬᠤᠪᠴᠠᠰᠦ ᠪᠠᠨ ᠰᠣᠯᠢᠵᠦ ᠡᠮᠦᠰᠪᠡ᠃ ᠡᠶᠢᠮᠦ ᠰᠠᠶᠢᠬᠠᠨ ᠵᠠᠯᠠᠭᠤ ᠶᠠᠭᠠᠬᠢᠵᠦ ᠡᠶᠢᠮᠦ ᠬᠤᠭ ᠨᠤᠪᠰᠢ ᠲᠦᠭᠦᠷᠡᠩ ᠭᠡᠷ ᠲᠦ ᠰᠠᠭᠤᠬᠤ ᠪᠢᠯᠡ᠃ ᠲᠡᠭᠦᠵᠦ ᠴᠤᠭᠯᠠᠭᠤᠯᠤᠭᠰᠠᠨ ᠮᠠᠭᠤ ᠶᠠᠭᠤᠮ᠎ᠠ ᠪᠠᠨ ᠭᠡᠭᠡᠬᠦ ᠶ᠋ᠢ ᠨᠢ ᠬᠡᠬᠡᠵᠦ᠂ ᠭᠡᠷ ᠲᠡᠷᠭᠡ ᠪᠠᠨ ᠲᠡᠭᠷᠢ ᠲᠡᠭᠰᠢ ᠲᠢᠭᠯᠡᠵᠦ ᠲᠠᠯᠪᠢᠵᠠᠢ᠃    

ᠡᠶᠢᠮᠦ ᠰᠠᠶᠢᠬᠠᠨ ᠵᠠᠯᠠᠭᠤ ᠶᠠᠭᠠᠬᠢᠵᠦ ᠭᠤᠶᠢᠷᠠᠨᠴᠢ ᠶ᠋ᠢᠨ ᠠᠮᠢᠳᠣᠷᠠᠯ ᠬᠢᠬᠦ ᠪᠢᠯᠡ ᠳ᠋ᠠ᠂ ᠲᠡᠷᠡ ᠮᠠᠷᠭᠠᠰᠢ ᠡᠴᠠ ᠨᠢ ᠡᠬᠢᠯᠡᠵᠦ ᠠᠵᠢᠯ ᠡᠷᠢᠵᠦ᠂ ᠬᠦᠯᠦᠰᠦᠨ ᠠᠵᠢᠯ ᠬᠢᠵᠦ ᠡᠬᠢᠯᠡᠵᠡᠢ᠃ ᠲᠡᠭᠦᠨ ᠦ ᠰᠢᠷᠭᠠᠭᠤ ᠭᠦᠳᠡᠯᠮᠦᠷᠢ ᠪᠡᠷ ᠭᠡᠳᠦᠨ ᠠᠷᠪᠠᠨ ᠵᠢᠯ ᠦᠨ ᠲᠠᠷᠠᠭ᠎ᠠ ᠲᠠᠭᠠᠭᠠᠮᠠᠯ ᠪᠤᠯᠤᠭᠰᠠᠨ ᠪᠠᠶᠢᠯ᠎ᠠ᠃ ᠲᠡᠭᠡᠭᠡᠳ ᠭᠡᠳᠦᠢ ᠵᠢᠯ ᠡᠷᠢᠭᠰᠡᠭᠡᠷ ᠪᠠᠶᠢᠵᠤ᠂ ᠲᠡᠭᠦᠨ ᠳ᠋ᠥ ᠴᠡᠴᠡᠭ ᠭᠦᠷᠭᠡᠭᠰᠡᠨ ᠬᠡᠥᠬᠡᠨ ᠢ ᠡᠷᠢᠨ ᠤᠯᠵᠦ ᠭᠦᠷᠦᠩᠭᠡ ᠶ᠋ᠢᠨ ᠢᠶ᠋ᠡᠨ ᠬᠠᠭᠠᠰ  ᠢ ᠲᠡᠭᠦᠨ ᠳ᠋ᠥ ᠪᠡᠯᠡᠭᠯᠡᠵᠡᠢ᠃     

ᠤᠴᠢᠷ ᠨᠢ ᠲᠡᠭᠦᠨ ᠢ ᠭᠤᠶᠢᠷᠠᠨᠴᠢᠯᠠᠵᠦ ᠪᠠᠶᠢᠭ᠎ᠠ ᠳ᠋ᠥ ᠵᠦᠪᠭᠡᠨ ᠴᠡᠴᠡᠭ ᠯᠡ ᠬᠦᠷᠭᠡᠭᠰᠡᠨ ᠪᠢᠰᠢ᠂ ᠬᠠᠷᠢᠨ ᠬᠦᠨᠳᠦᠳᠭᠡᠯ ᠬᠠᠶᠢᠷ᠎ᠠ᠂ ᠬᠦᠰᠡᠯ ᠡᠷᠡᠮᠵᠢᠯᠡᠯ᠂ ᠰᠠᠶᠢᠨ ᠰᠠᠶᠢᠬᠠᠨ ‍ᠢ ᠬᠦᠷᠭᠡᠵᠡᠢ᠃ ᠡᠨᠡ ᠨᠢ ᠲᠠᠷᠦᠢ 《 ᠦᠷᠦᠭᠡᠯ ᠳ᠋ᠥ ᠰᠠᠷᠭᠠᠢ ᠪᠡᠯᠭᠡᠯᠡᠪᠡᠯ᠂ ᠥᠪᠡᠷ ᠲᠦ ᠴᠢᠨᠢ ᠥᠨᠥᠷ ᠨᠢ ᠰᠢᠩᠭᠡᠨ᠎ᠡ 》 ᠭᠡᠳᠡᠭ ᠦᠭᠡᠨ ‍ᠤ ᠢᠷᠡᠯ ᠰᠢᠦ ᠳ᠋ᠠ᠃     

ᠦᠨᠡᠨᠳᠡᠭᠡᠨ ᠬᠦᠮᠦᠨ ᠪᠦᠬᠦᠨ ᠪᠦᠷ ᠰᠢᠯᠢᠳᠡᠭ ᠶᠤᠮ᠃ ᠬᠠᠮᠤᠭ ᠴᠢᠬᠤᠯᠡ ᠨᠢ ᠦᠪᠡᠷ ᠢ ᠪᠡᠨ ᠢᠳᠡᠭᠡᠬᠦ ᠭᠡᠷᠡᠭᠳᠡᠢ᠂ ᠶᠠᠮᠠᠷ ᠪᠠᠶᠢᠭᠰᠠᠨ ᠴᠦ ᠭᠦᠰᠡᠯ ᠡᠷᠡᠮᠵᠢᠯᠡᠯ ᠢᠶ᠋ᠡᠨ ᠲᠠᠶᠠᠭᠳᠠᠵᠤ ᠪᠤᠯᠬᠤ ᠦᠭᠡᠢ ᠳ᠋ᠠ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄