ᠨᠢᠷᠤᠭᠤ ᠡᠪᠡᠳᠪᠡᠯ ᠲᠤᠳᠤᠷ ᠡᠷᠭᠡᠳᠡᠨ ᠢᠶᠡᠨ ᠪᠠᠢᠴᠠᠭᠠᠯᠭᠠᠬᠤ ᠭᠡᠷᠡᠭᠳᠡᠢ

ᠤᠩᠰᠢᠭᠰᠠᠨ ᠤᠳᠠᠭ᠎ᠠ ᠄ 2389    ᠨᠡᠶᠢᠳᠡᠯᠡᠭᠰᠡᠨ ᠴᠠᠭ ᠄ 2017-02-20

ᠨᠠᠰᠤᠲᠠᠶᠢᠴᠤᠳ ᠦᠷᠬᠦᠯᠵᠢ ᠨᠢᠷᠤᠭᠤ ᠡᠪᠡᠳᠳᠡᠭ ᠪᠤᠯᠪᠠᠴᠤ ᠲᠡᠮᠡᠢ ᠠᠡᠭᠬᠠᠷᠤᠯ ᠳᠠᠭᠠᠨ ᠠᠪᠳᠠᠬ ᠦᠭᠡᠢ᠃ ᠰᠡᠷᠡᠮᠵᠢᠯᠡᠬᠦᠯᠦᠰᠢᠳᠡᠢ ᠨᠢ᠂ ᠡᠨᠡ ᠨᠢ ᠤᠯᠠᠡᠭᠬᠢ ᠳᠠᠭᠠᠨ ᠲᠤᠳᠤᠷ ᠡᠷᠭᠡᠳᠡᠨ ᠤ ᠭᠡᠮᠳᠦᠯ ᠡᠴᠠ ᠪᠤᠯᠵᠤ ᠨᠢᠷᠤᠭᠤ ᠡᠪᠡᠳᠬᠦ ᠰᠢᠨᠵᠢ ᠢᠯᠡᠷᠡᠳᠡᠭ᠃      

ᠪᠦᠭᠡᠷᠡᠨ ᠡᠪᠡᠳᠴᠢᠨ᠄ ᠪᠦᠭᠡᠷᠡᠨ ᠦᠷᠪᠢᠰᠦᠯ᠂ ᠪᠦᠭᠡᠷᠡᠨ ᠴᠢᠯᠠᠭᠤᠰᠢᠷᠠᠯ᠂ ᠪᠦᠭᠡᠷᠡᠨ ᠰᠦᠷᠢᠶ᠎ᠠ᠂ ᠪᠦᠭᠡᠷ᠎ᠠ ᠤᠨᠠᠬᠤ᠂ ᠪᠦᠭᠡᠷᠡᠨ ᠲᠡᠪᠰᠢ ᠳ᠋ᠤ ᠤᠰᠤ ᠬᠤᠷᠠᠬᠤ ᠵᠡᠷᠭᠡ ᠡᠪᠡᠳᠴᠢᠨ ᠡᠴᠠ ᠰᠢᠯᠳᠠᠭᠠᠯᠠᠵᠤ ᠨᠢᠷᠤᠭᠤ ᠡᠪᠡᠳᠳᠡᠭ ᠃           

ᠨᠣᠶᠢᠷ ᠤᠨ ᠪᠤᠯᠴᠢᠷᠬᠠᠢ ᠶ᠋ᠢᠨ ᠡᠪᠡᠳᠴᠢᠨ᠄ ᠨᠣᠶᠢᠷ ᠤᠨ ᠪᠤᠯᠴᠢᠷᠬᠠᠢ ᠶ᠋ᠢᠨ ᠡᠪᠡᠳᠴᠢᠨ ᠡᠴᠠ ᠪᠤᠯᠵᠤ ᠡᠪᠡᠳᠬᠦ ᠤᠨᠴᠠᠯᠢᠬ ᠨᠢ ᠭᠡᠪᠡᠯᠢ ᠶ᠋ᠢᠨ ᠲᠡᠭᠡᠳᠦ ᠡᠴᠠ ᠨᠢᠷᠤᠭᠤ ᠵᠦᠭ ᠬᠠᠷᠪᠤᠵᠤ ᠡᠪᠡᠳᠦᠨ᠎ᠠ᠃ ᠨᠣᠶᠢᠷ ᠤᠨ ᠪᠤᠯᠴᠢᠷᠬᠠᠢ ᠶ᠋ᠢᠨ ᠪᠦᠷᠬᠦᠬᠦᠯ ᠨᠢ ᠨᠢᠮᠭᠡᠨ ᠮᠦᠷᠳᠡᠭᠡᠨ ᠪᠦᠷᠢᠨ ᠪᠤᠰᠤ ᠪᠠᠶᠢᠳᠠᠭ ᠡᠴᠠ ᠨᠣᠶᠢᠷ ᠤᠨ ᠪᠤᠯᠴᠢᠷᠬᠠᠢ ᠶ᠋ᠢᠨ ᠦᠷᠪᠢᠰᠦᠯ ᠪᠤᠶᠤ ᠬᠠᠪᠤᠳᠠᠷ ᠮᠡᠳᠦ ᠶ᠋ᠢᠨ ᠡᠪᠡᠳᠴᠢᠨ ᠳ᠋ᠤ ᠨᠡᠷᠪᠡᠭᠳᠡᠪᠡᠯ ᠲᠤᠭᠤᠷᠢᠨ ᠤ ᠨᠡᠭᠡᠳᠡᠰᠦ ᠡᠷᠭᠡᠳᠡᠨ ᠢᠶᠡᠨ ᠨᠦᠯᠦᠭᠡᠯᠡᠳᠡᠭ ᠃    

ᠠᠭᠠᠷᠴᠠᠬ ᠤᠨ ᠬᠦᠨᠳᠡᠢ ᠶ᠋ᠢᠨ ᠡᠪᠡᠳᠴᠢᠨ᠄ ᠨᠠᠰᠤᠲᠠᠶᠢᠴᠤᠳ ᠰᠢᠭᠡᠰᠦᠨ ᠵᠠᠮ ᠤᠨ ᠬᠠᠯᠳᠠᠪᠤᠷᠢᠯᠠᠯ ᠡᠴᠠ ᠪᠤᠯᠵᠤ ᠨᠢᠷᠤᠭᠤ ᠡᠪᠡᠳᠬᠦ ᠨᠢ ᠦᠷᠭᠦᠯᠵᠢ ᠲᠤᠬᠢᠶᠠᠯᠳᠤᠳᠠᠬ᠃ ᠭᠡᠪᠡᠴᠤ ᠤᠨᠤᠰᠢᠯᠠᠨ ᠲᠤᠳᠤᠯᠠᠭᠤᠯᠠᠬᠤ ᠳᠠᠭᠠᠨ ᠪᠠᠺᠲᠸᠷᠢ ᠶ᠋ᠢᠨ ᠦᠷᠡᠵᠢᠯᠳᠡ ᠶ᠋ᠢᠨ ᠲᠤᠷᠰᠢᠯᠳᠠ ᠪᠠᠷ ᠤᠨᠤᠰᠢᠯᠠᠭᠤᠯᠬᠤ ᠭᠡᠷᠡᠭᠳᠡᠢ᠃ ᠡᠮᠡᠭᠲᠡᠶᠢᠴᠦᠳ ᠤᠨ ᠠᠭᠠᠷᠴᠠᠬ ᠤᠨ ᠬᠦᠨᠳᠡᠢ ᠶ᠋ᠢᠨ ᠡᠪᠡᠳᠴᠢᠨ ᠢᠶᠠᠷ ᠨᠢᠷᠤᠭᠤ ᠡᠪᠡᠳᠬᠦ ᠳ᠋ᠡᠭᠡᠨ ᠤᠯᠠᠡᠭᠭᠢ ᠨᠢ ᠭᠡᠪᠡᠯᠢ ᠶ᠋ᠢᠨ ᠲᠤᠤᠷᠠᠳᠤ ᠭᠡᠰᠡᠭ ᠢᠶᠠᠷ ᠤᠨᠵᠢᠷᠡᠵᠤ ᠡᠪᠡᠳᠬᠦ ᠪᠠ ᠲᠠᠷᠤᠵᠤ ᠡᠪᠳᠦᠨ᠎ᠠ᠃ ᠡᠷᠡᠭᠲᠡᠶᠢᠴᠦᠳ ᠤᠨ ᠤᠷᠢᠳᠤ ᠪᠤᠯᠴᠢᠷᠬᠠᠢ ᠶ᠋ᠢᠨ ᠡᠪᠡᠳᠴᠢᠨ᠂ ᠤᠷᠢᠳᠤ ᠪᠤᠯᠴᠢᠷᠬᠠᠢ ᠶ᠋ᠢᠨ ᠲᠤᠮᠤᠷᠠᠯ ᠪᠤᠶᠤ ᠤᠷᠢᠳᠤ ᠪᠤᠯᠴᠢᠷᠬᠠᠢ ᠶ᠋ᠢᠨ ᠬᠤᠤᠷᠠᠳᠤ ᠬᠠᠪᠤᠳᠠᠷ ᠵᠡᠷᠭᠡ ᠡᠴᠠ ᠪᠤᠯᠵᠤ ᠤᠭᠤᠴᠠ ᠨᠢᠷᠤᠭᠤᠨ ᠤ ᠭᠡᠰᠡᠭ ᠲᠤ ᠡᠪᠡᠳᠦᠨ᠎ᠠ᠃ ᠠᠭᠤᠰᠬᠢ ᠡᠪᠡᠳᠴᠢᠯᠡᠪᠡᠯ ᠰᠡᠭᠡᠷ ᠨᠢᠷᠤᠭᠤᠨ ᠤ ᠭᠡᠰᠡᠭ ᠲᠤ ᠡᠪᠡᠳᠬᠦ᠂ ᠡᠯᠢᠭᠡ ᠰᠦᠰᠦᠨ ᠡᠴᠠ ᠪᠤᠯᠵᠤ ᠨᠢᠷᠤᠭᠤ ᠡᠪᠡᠳᠬᠦ ᠨᠢ ᠰᠡᠭᠡᠷ ᠨᠢᠷᠤᠭᠤᠨ ᠤ ᠲᠤᠮᠳᠠ ᠭᠡᠰᠡᠭ ᠤᠨ ᠪᠠᠷᠠᠭᠤᠨ ᠲᠠᠯ᠎ᠠ ᠪᠠ ᠲᠠᠯᠤ ᠶ᠋ᠢᠨ ᠤᠷᠴᠢᠮ ᠡᠪᠡᠳᠦᠨ᠎ᠡ᠃ ᠨᠢᠷᠤᠭᠤ ᠡᠪᠡᠳᠬᠦ ᠨᠢ ᠭᠠᠳᠠᠷ ᠰᠠᠯᠠᠭᠠᠨ ᠤ ᠡᠪᠡᠳᠴᠢᠨ ᠡᠴᠠ ᠡᠪᠡᠳᠬᠦ ᠡᠴᠠ ᠭᠠᠳᠠᠨ᠎ᠠ ᠲᠤᠳᠤᠷ ᠴᠤᠯᠤ ᠰᠠᠪᠠ ᠡᠪᠡᠳᠴᠢᠯᠡᠪᠡᠯ ᠮᠦᠨ ᠴᠤ ᠨᠢᠷᠤᠭᠤ ᠡᠪᠡᠳᠬᠦ ᠰᠢᠨᠵᠢ ᠢᠯᠡᠷᠡᠬᠦ ᠪᠤᠯᠬᠤᠷ ᠡᠳᠡᠭᠡᠷ ᠰᠢᠨᠵᠢ ᠲᠡᠮᠳᠡᠭ ᠢᠯᠡᠷᠡᠪᠡᠯ ᠲᠠᠷᠤᠢᠬᠠᠨ ᠬᠦᠷᠴᠤ ᠡᠪᠡᠳᠴᠢᠨ ᠢᠶᠡᠨ ᠡᠷᠳᠡ ᠤᠨᠤᠰᠢᠯᠠᠭᠤᠯᠤᠨ ᠡᠷᠳᠡ ᠡᠮᠨᠡᠬᠦᠯᠬᠦ ᠬᠡᠷᠡᠭᠲᠡᠢ᠃ᠢᠷᠡᠯᠳᠡ᠄ ᠤᠯᠠᠭᠠᠨᠬᠠᠳᠠ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄