ᠵᠠᠯᠠᠭᠤ ᠳᠠᠭᠤᠴᠢᠨ ᠮᠡᠷᠭᠡᠨᠪᠠᠭᠠᠲᠤᠷ

ᠤᠩᠰᠢᠭᠰᠠᠨ ᠤᠳᠠᠭ᠎ᠠ ᠄ 784    ᠨᠡᠶᠢᠳᠡᠯᠡᠭᠰᠡᠨ ᠴᠠᠭ ᠄ 2017-02-20

ᠮᠡᠷᠭᠡᠨᠪᠠᠭᠠᠲᠤᠷ᠂ ᠵᠡᠭᠦᠨ ᠦᠵᠦᠮᠦᠴᠢᠨ ᠬᠣᠰᠢᠭᠤ ᠪᠠᠷ ᠨᠤᠲᠤᠭ ᠲᠠᠢ ᠵᠠᠯᠠᠭᠤ ᠳᠠᠭᠤᠴᠢᠨ᠃ ᠠᠵᠢᠯ ᠤᠨ ᠴᠢᠯᠦᠭᠡ ᠵᠠᠪ ᠢᠶᠠᠷ ᠢᠶᠠᠨ ᠠᠶ᠎ᠠ ᠳᠠᠭᠤᠤ ᠵᠣᠬᠢᠶᠠᠵᠤ᠂ ᠭᠡᠷᠡᠯ ᠪᠢᠴᠢᠯᠭᠡ ᠬᠣᠶᠠᠷ ᠢ ᠦᠢᠯᠡᠳᠴᠦ᠂ 《 ᠮᠠᠷᠲᠠᠬᠤ ᠶ᠋ᠢᠨ ᠠᠷᠭ᠎ᠠ ᠦᠭᠡᠢ ᠨᠤᠲᠤᠭ 》᠂ 《 ᠰᠠᠶᠢᠬᠠᠨ ᠳᠤᠷᠠᠳᠬᠠᠯ 》 ᠵᠡᠷᠭᠡ ᠵᠠᠭᠤ ᠭᠠᠷᠤᠢ ᠳᠠᠭᠤᠤ ᠵᠣᠬᠢᠶᠠᠪᠠ᠃ 《 ᠡᠵᠢ ᠶ᠋ᠢᠨ ᠴᠡᠩᠬᠡᠷ ᠠᠯᠴᠢᠭᠤᠷ 》᠂ 《 ᠠᠪᠤ᠋ ᠦᠭᠡᠢ ᠡᠳᠦᠷ ‍ᠤᠨ ᠨᠢᠯᠪᠤᠰᠤ 》᠂ 《 ᠰᠡᠷᠢᠭᠦᠨ ᠮᠠᠯᠠᠭᠠᠢ 》᠂ 《 ᠮᠠᠷᠲᠠᠬᠤ ᠶ᠋ᠢᠨ ᠠᠷᠭ᠎ᠠ ᠦᠭᠡᠢ ᠨᠤᠲᠤᠭ 》 ᠵᠡᠷᠭᠡ ᠳᠠᠭᠤᠤ ᠨᠢ ᠣᠯᠠᠨ ‍ᠤ ᠬᠦᠷᠢᠶᠡᠯᠡᠯ ‍ᠢ ᠶᠡᠬᠡᠲᠡ ᠣᠯᠵᠠᠢ᠃ ᠲᠡᠷᠡ ᠤᠷᠢᠳ ᠬᠣᠵᠢᠳ 《 ᠳᠡᠩᠳᠡᠭᠦᠦ ᠶᠡᠬᠡ ᠠᠴᠢᠲᠠᠨ 》᠂ 《 ᠡᠷ᠎ᠡ ᠶ᠋ᠢᠨ ᠪᠠᠷᠢᠯᠳᠤᠯᠭ᠎ᠠ 》᠂ 《 ᠮᠠᠷᠲᠠᠬᠤ ᠶ᠋ᠢᠨ ᠠᠷᠭ᠎ᠠ ᠦᠭᠡᠢ ᠨᠤᠲᠤᠭ 》᠂ 《 ᠬᠣᠯᠠᠳᠠᠮ᠎ᠠ ᠦᠭᠡᠢ ᠠᠮᠠᠷᠠᠭ 》᠂ 《 ᠰᠠᠶᠢᠬᠠᠨ ᠳᠤᠷᠠᠳᠬᠠᠯ 》᠂ 《 ᠰᠠᠶᠢᠬᠠᠨ ᠮᠣᠩᠭᠣᠯ ᠳᠠᠭᠤᠤ ᠮᠢᠨᠢ 》᠂ 《 ᠡᠵᠢ ᠪᠢᠳᠡ ᠬᠣᠶᠠᠷ 》᠂ 《 ᠨᠢᠰᠬᠦ ᠪᠠᠨ ᠮᠠᠷᠲᠠᠭᠰᠠᠨ ᠪᠦᠷᠭᠦᠳ 》 ᠵᠡᠷᠭᠡ ᠶᠢᠰᠦᠨ ᠺᠠᠰᠸᠲ ‍ᠢ ᠬᠡᠪᠯᠡᠭᠦᠯᠦᠨ ᠲᠠᠷᠬᠠᠭᠠᠪᠠ᠃



ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ