ᠭᠠᠷ ᠤᠨ ᠬᠦᠳᠡᠯᠭᠡᠭᠡᠨ ᠢᠯᠡᠭᠦᠤ ᠬᠢᠬᠦ ᠨᠢ ᠬᠡᠤᠭᠡᠳ ᠤᠨ ᠡᠭᠦᠳᠦᠨ ᠪᠦᠳᠦᠭᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ

ᠤᠩᠰᠢᠭᠰᠠᠨ ᠤᠳᠠᠭ᠎ᠠ ᠄ 2169    ᠨᠡᠶᠢᠳᠡᠯᠡᠭᠰᠡᠨ ᠴᠠᠭ ᠄ 2017-02-17


ᠠᠩᠭ᠍ᠯᠢ ᠶᠢᠨ ᠨᠢᠭᠡ ᠲᠦᠷᠦᠯ ᠤᠨ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠭᠡᠤᠬᠡᠳ ᠤᠨ ᠭᠠᠷ ᠤᠨ ᠬᠦᠳᠡᠯᠭᠡᠭᠡᠨ ᠢᠯᠡᠭᠦᠤ ᠬᠢᠬᠦ ᠶᠢ ᠵᠤᠷᠢᠬᠵᠢᠭᠤᠯᠬᠤ ᠨᠢ ᠲᠡᠬᠦᠨ ᠤ ᠡᠭᠦᠳᠦᠨ ᠪᠦᠳᠦᠭᠡᠬᠦ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠬᠲᠠᠢ᠃ ᠠᠩᠭ᠍ᠯᠢ ᠶᠢᠨ ᠶᠤᠷᠺ ᠶᠡᠭᠡ ᠰᠤᠷᠭᠠᠭᠤᠯᠢ ᠶᠢᠨ ᠰᠡᠳᠬᠢᠴᠡ ᠶᠢᠨ ᠵᠦᠢ ᠶᠢᠨ ᠤᠬᠠᠭᠠᠨᠲᠠᠨ ᠢᠯᠢᠱᠠᠪᠸᠠᠢ · ᠺᠧᠺ ᠪᠤᠯᠤᠨ ᠾᠲᠤᠸ᠋ᠹᠲ᠋ᠤᠨ ᠶᠡᠭᠡ ᠰᠤᠷᠭᠠᠭᠤᠯᠢ ᠶᠢᠨ ᠺᠠᠯᠢᠨ · ᠯᠦᠸᠧᠰ ᠬᠠᠮᠲᠤᠷᠠᠵᠦ ᠬᠤᠶᠠᠷ ᠲᠤᠷᠰᠢᠯᠲᠠ ᠦᠷᠨᠢᠭᠦᠯᠵᠡᠢ᠃ ᠨᠢᠭᠡᠲᠦᠭᠡᠷ ᠲᠤᠷᠰᠢᠯᠲᠠ ᠳᠤ᠂ 9 — 11 ᠨᠠᠰᠤᠨ ᠤ 78 ᠨᠡᠷᠡᠰ ᠬᠡᠤᠬᠡᠳ ᠢ ᠴᠤᠬᠯᠠᠭᠤᠯᠵᠦ᠂ ᠲᠡᠳᠡᠨ ᠢᠶᠠᠷ ᠰᠤᠨᠢᠨ᠂ ᠬᠤᠪᠢᠩ᠂ ᠲᠡᠪᠦᠷ᠎ᠡ ᠮᠡᠲᠦ ᠶᠢᠨ ᠡᠳᠦᠷ ᠲᠤᠳᠤᠮ ᠤᠨ ᠠᠮᠢᠳᠤᠷᠠᠯ ᠤᠨ ᠡᠳ᠋ᠯᠡᠯ ᠬᠡᠷᠡᠭᠰᠡᠯ ᠤᠨ ᠵᠢᠷᠤᠭ ᠢ ᠦᠵᠡᠭᠦᠯᠵᠦ᠂ ᠡᠳᠡᠭᠡᠷ ᠡᠳ᠋ ᠪᠤᠳᠠᠰ ᠨᠢ ᠪᠠᠰᠠ ᠶᠠᠮᠠᠷ ᠪᠤᠰᠤᠳ ᠲᠠᠯ᠎ᠡ ᠶᠢᠨ ᠬᠡᠷᠡᠭᠯᠡᠭᠡ ᠲᠠᠢ ᠪᠤᠯᠵᠦ ᠪᠤᠯᠬᠤ ᠶᠢ ᠶᠠᠷᠢᠭᠤᠯᠵᠡᠢ᠃ ᠨᠢᠭᠡ ᠪᠦᠯᠦᠭ ᠨᠢ ᠲᠤᠷᠰᠢᠯᠲᠠ ᠳᠤ ᠬᠤᠶᠠᠷ ᠤᠳᠠᠭ᠎ᠠ ᠤᠷᠤᠯᠴᠠᠵᠠᠢ᠂ ᠡᠭᠦᠨ ᠳᠤ ᠨᠢᠭᠡ ᠤᠳᠠᠭ᠎ᠠ ᠨᠢ ᠬᠤᠷᠤᠭᠤ ᠲᠠᠢ ᠪᠡᠭᠡᠯᠢ ᠵᠡᠭᠦᠭᠰᠡᠨ ᠠᠴᠠ ᠭᠠᠷ ᠤᠨ ᠬᠦᠳᠡᠯᠭᠡᠭᠡᠨ ᠬᠢᠬᠦ ᠳᠤ ᠮᠠᠰᠢ ᠲᠦᠭᠦᠮ ᠦᠭᠡᠢ ᠪᠠᠶᠢᠵᠠᠢ᠃
      ᠢᠯᠢᠱᠠᠪᠸᠠᠢ · ᠺᠧᠺ ᠬᠢᠭᠡᠳ ᠺᠠᠯᠢᠨ · ᠯᠦᠸᠧᠰ ᠤᠨ ᠢᠯᠡᠷᠡᠭᠦᠯᠦᠭᠰᠡᠨ ᠢᠶᠠᠷ᠂ ᠭᠠᠷ ᠤᠨ ᠬᠦᠳᠡᠯᠭᠡᠭᠡᠨ ᠲᠠᠢ ᠮᠦᠷᠲᠡᠭᠡᠨ ᠬᠦᠳᠡᠯᠭᠡᠭᠡᠨ ᠬᠠᠷᠢᠴᠠᠩᠭᠤᠢ ᠢᠯᠡᠷᠬᠡᠢ ᠪᠠᠶᠢᠭ᠎ᠠ ᠬᠡᠤᠬᠡᠳ ᠤᠨ ᠪᠤᠳᠦᠯ ᠰᠡᠳᠬᠢᠭᠦᠢ ᠨᠡᠩ ᠬᠦᠭᠵᠢᠶᠡᠨᠲᠡᠢ ᠪᠠᠶᠢᠵᠦ᠂ ᠨᠡᠩ ᠤᠯᠠᠨ ᠮᠦᠷᠲᠡᠭᠡᠨ ᠰᠠᠶᠢᠬᠠᠨ ᠰᠠᠨᠠᠯ ᠲᠤᠷᠠᠳᠤᠯᠭ᠎ᠠ ᠲᠠᠢ ᠪᠠᠶᠢᠵᠡᠢ᠃ ᠬᠤᠶᠠᠳᠤᠭᠠᠷ ᠤᠳᠠᠭᠠᠨ ᠤ ᠲᠤᠷᠰᠢᠯᠲᠠ ᠳᠤ 8 — 11 ᠨᠠᠰᠤᠨ ᠤ ᠬᠤᠭᠤᠷᠤᠨᠲᠤᠬᠢ 54 ᠨᠡᠷᠡᠰ ᠬᠡᠤᠬᠡᠳ ᠢ ᠴᠤᠭᠯᠠᠭᠤᠯᠵᠤ ᠲᠦᠷᠦᠭᠦᠤ ᠤᠳᠠᠭᠠᠨ ᠤ ᠲᠤᠷᠰᠢᠯᠲᠠ ᠪᠠᠨ ᠲᠠᠬᠢᠨ ᠶᠠᠪᠤᠬᠳᠠᠭᠤᠯᠵᠡᠢ᠂ ᠭᠡᠪᠡᠴᠦ ᠡᠨᠡ ᠤᠳᠠᠭ᠎ᠠ ᠬᠠᠮᠲᠦ ᠠᠵᠢᠯᠲᠠᠨ ᠠᠴᠠ ᠬᠡᠤᠬᠡᠳ ᠢ ᠭᠠᠷ ᠤᠨ ᠬᠦᠳᠡᠯᠭᠡᠭᠡᠨ ᠢᠶᠠᠷ ᠳᠠᠮᠵᠢᠭᠤᠯᠵᠦ ᠡᠳ᠋ᠯᠡᠯ ᠬᠡᠷᠡᠭᠰᠡᠯ ᠤᠨ ᠬᠡᠷᠡᠭᠴᠡᠭᠡ ᠶᠢ ᠲᠦᠷᠰᠦᠯᠡᠬᠦ ᠶᠢ ᠰᠠᠨᠠᠭᠤᠯᠵᠠᠢ᠃ ᠪᠦᠷᠢᠳᠭᠡᠯ ᠤᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠭᠠᠷ ᠤᠨ ᠬᠦᠳᠡᠯᠭᠡᠭᠡᠨ ᠢᠯᠡᠭᠦᠤ ᠬᠢᠬᠦ ᠨᠢ ᠬᠡᠤᠬᠡᠳ ᠤᠨ ᠰᠢᠨ᠎ᠡ ᠶᠢ ᠡᠭᠦᠳᠬᠦ ᠴᠢᠳᠠᠪᠤᠷᠢ ᠶᠢ ᠳᠡᠭᠡᠭᠰᠢᠯᠡᠭᠦᠯᠬᠦ ᠳᠤ ᠦᠨᠡᠨᠬᠦ ᠠᠰᠢᠬᠲᠠᠢ ᠭᠡᠳᠡᠭ ᠢ  ᠬᠠᠷᠠᠭᠤᠯᠤᠭᠰᠠᠨ ᠪᠠᠶᠢᠨ᠎ᠡ᠃

         

      

               

      

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄