ᠨᠤᠳᠤᠭ ᠤᠨ ᠲᠠᠭᠤᠤ ᠪᠠᠨ ᠤᠯᠠᠮᠵᠢᠯᠠᠭᠴᠢ — ᠠᠶᠤᠰᠢᠵᠠᠪ

ᠤᠩᠰᠢᠭᠰᠠᠨ ᠤᠳᠠᠭ᠎ᠠ ᠄ 816    ᠨᠡᠶᠢᠳᠡᠯᠡᠭᠰᠡᠨ ᠴᠠᠭ ᠄ 2017-02-17

ᠦᠢᠷ᠎ᠠ ᠳᠤ᠂ ᠰᠤᠷᠪᠤᠯᠵᠢᠯᠠᠭᠴᠢ ᠨᠤᠳᠤᠭ ᠤᠨ ᠳᠠᠭᠤᠤ ᠪᠠᠨ ᠤᠯᠠᠮᠵᠢᠯᠠᠬᠴᠢ ᠠᠶᠤᠰᠢᠵᠠᠪ ᠨᠠᠰᠤᠳᠠᠨ ᠲᠠᠢ ᠪᠤᠯᠵᠤᠵᠤ᠂ ᠪᠠᠭᠠᠴᠤᠳ ᠭᠡᠤᠭᠡᠳ ᠲᠤ ᠠᠷᠠᠳ ᠤᠨ ᠳᠠᠭᠤᠤ ᠪᠠᠨ ᠤᠯᠠᠮᠵᠢᠯᠠᠵᠤ ᠪᠠᠶᠢᠭ᠎ᠠ ᠲᠤᠬᠠᠢ ᠣᠶᠢᠯᠠᠭᠠᠬᠤ ᠶᠢ ᠵᠤᠷᠢᠪᠠ᠃

ᠠᠶᠤᠰᠢᠵᠠᠪ ᠨᠠᠰᠤᠳᠠᠨ ᠪᠤᠯ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠳᠠᠭᠠᠨ ᠠᠯᠳᠠᠷ ᠴᠤᠤᠳᠠᠢ ᠤᠷᠳᠤ ᠶᠢᠨ ᠳᠠᠭᠤᠤ᠂ ᠠᠷᠠᠳ ᠤᠨ ᠳᠠᠭᠤᠤ ᠳᠠᠭᠤᠯᠠᠳᠠᠭ ᠮᠠᠯᠴᠢᠨ ᠤᠷᠠᠯᠢᠬᠴᠢᠨ ᠶᠤᠮ᠃ ᠳᠠᠭᠤᠤ ᠳᠤ ᠠᠪᠢᠶᠠᠰ ᠲᠠᠢ ᠲᠡᠷᠡ ᠬᠠᠷᠠᠬᠠᠨ ᠪᠠᠭ᠎ᠠ ᠠᠴᠠ ᠮᠠᠯᠴᠢᠨ ᠡᠵᠢ ᠶᠢᠨ ᠢᠶᠠᠨ ᠳᠠᠭᠤᠯᠠᠬᠤ ᠶᠢ ᠳᠠᠭᠠᠵᠤ ᠳᠠᠭᠤᠯᠠᠬᠰᠠᠭᠠᠷ ᠪᠠᠶᠢᠵᠤ ᠳᠠᠭᠤᠤ ᠰᠤᠷᠤᠬᠰᠠᠨ ᠪᠢᠯᠡ᠃ ᠨᠠᠰᠤᠳᠠᠨ ᠭᠤᠸᠠᠢ ᠪᠠᠭ᠎ᠠ ᠠᠴᠠ ᠪᠠᠨ ᠶᠠᠮᠠᠷ ᠴᠤ ᠰᠢᠨ᠎ᠡ ᠳᠠᠭᠤᠤ ᠶᠢ ᠬᠤᠶᠠᠷ ᠤᠳᠠᠭ᠎ᠠ ᠰᠤᠨᠤᠰᠪᠠᠯ ᠠᠶ᠎ᠠ ᠶᠢ ᠨᠢ ᠳᠤᠬᠳᠠᠭᠠᠵᠤ ᠴᠢᠳᠠᠳᠠᠭ ᠪᠠᠶᠢᠬᠰᠠᠨ ᠨᠢ ᠭᠠᠶᠢᠬᠠᠯᠳᠠᠢ ᠪᠢᠯᠡ᠃ ᠠᠶᠤᠰᠢᠵᠠᠪ ᠨᠠᠰᠤᠳᠠᠨ᠄ 《 ᠨᠠᠳᠠᠳᠤ ᠡᠵᠢ ᠠᠴᠠ ᠮᠢᠨᠢ ᠦᠬᠡᠷ᠎ᠡ ᠳᠠᠭᠤᠤ ᠶᠢᠨ ᠪᠠᠭᠰᠢ ᠭᠡᠵᠤ ᠪᠠᠶᠢᠭ᠎ᠠ ᠦᠭᠡᠢ᠂ ᠮᠢᠨᠤ ᠡᠵᠢ ᠴᠤᠬᠤᠮ ᠰᠦᠷᠡᠭᠡᠢ ᠳᠠᠭᠤᠴᠢᠨ ᠭᠦᠮᠦᠨ ᠪᠠᠶᠢᠬᠰᠠᠨ᠃ ᠬᠠᠶᠠ ᠠᠶᠢᠯ ᠤᠨ ᠬᠤᠷᠢᠮ ᠨᠠᠶᠢᠷ ᠲᠤ ᠵᠠᠯᠠᠬᠳᠠᠵᠤ ᠳᠠᠭᠤᠤ ᠳᠠᠭᠤᠯᠠᠪᠠᠯ ᠪᠦᠳᠦᠨ ᠡᠳᠤᠷ ᠪᠦᠳᠦᠨ ᠰᠦᠨᠢ ᠳᠠᠭᠤᠯᠠᠭᠠᠳ ᠳᠠᠭᠤᠤ ᠪᠠᠨ ᠳᠠᠪᠳᠠᠳᠠᠭ ᠦᠭᠡᠢ ᠤᠯᠠᠨ ᠳᠠᠭᠤᠤ ᠮᠡᠳᠡᠳᠡᠭ᠃ ᠪᠢ ᠪᠠᠯᠴᠢᠷ ᠪᠠᠭ᠎ᠠ ᠨᠠᠰᠤᠨ ᠳᠠᠭᠠᠨ ᠨᠠᠭᠠᠯᠳᠤᠵᠤ ᠰᠠᠭᠤᠭᠠᠳ ᠳᠠᠭᠠᠵᠤ ᠠᠶᠠᠯᠳᠠᠭ ᠶᠤᠮ᠃ ᠳᠡᠭᠡᠭᠰᠡᠭᠡᠷ ᠪᠠᠶᠢᠵᠤ ᠨᠡᠯᠢᠶᠠᠳ ᠤᠯᠠᠨ ᠳᠠᠭᠤᠤ ᠰᠤᠷᠤᠬᠰᠠᠨ ᠶᠤᠮ 》 ᠭᠡᠵᠦ ᠡᠷᠭᠢᠴᠡᠭᠦᠯᠦᠨ ᠬᠡᠯᠡᠭᠰᠡᠨ ᠪᠠᠶᠢᠯ᠎ᠠ᠃




ᠠᠶᠤᠰᠢᠵᠠᠪ ᠨᠠᠰᠤᠳᠠᠨ ᠵᠢᠷᠠᠨ ᠨᠠᠰᠤ ᠭᠦᠷᠳᠡᠯ᠎ᠠ ᠬᠦᠳᠡᠭᠡ ᠰᠠᠭᠤᠬᠰᠠ ᠴᠤ ᠳᠠᠭᠤᠤ ᠲᠠᠭᠤᠯᠬᠠᠤ ᠳᠤᠷᠠᠳᠠᠢ ᠠᠴᠠ ᠪᠠᠨ ᠪᠣᠯᠵᠤ ᠤᠷᠤᠨ ᠤ ᠳᠠᠰ᠂ ᠬᠤᠳᠠ ᠶᠢᠨ ᠳᠠᠰ ᠤᠨ ᠠᠷᠠᠳ ᠤᠨ ᠳᠠᠭᠤᠤ᠂ ᠤᠷᠳᠤ ᠶᠢᠨ ᠳᠠᠭᠤᠤ ᠶᠢᠨ ᠤᠷᠤᠯᠳᠤᠭᠠᠨ ᠳᠤ ᠦᠷᠭᠦᠯᠵᠢ ᠢᠳᠡᠪᠭᠢᠳᠡᠢ ᠤᠷᠤᠯᠴᠠᠵᠤ ᠪᠠᠶᠢᠬᠰᠠᠨ ᠪᠦᠭᠡᠳ ᠤᠯᠠᠨ ᠠᠷᠪᠢᠨ ᠮᠧᠳᠠᠯ ᠢᠶᠠᠷ ᠡᠩᠭᠡᠷ ᠢᠶᠠᠨ ᠮᠢᠯᠢᠶᠠᠯᠭᠠᠵᠤ ᠪᠠᠶᠢᠬᠰᠠᠨ ᠪᠢᠯᠡ᠃ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠤᠩᠭᠤᠯ ᠰᠤᠷᠭᠠᠭᠤᠯᠢ ᠨᠢ ᠤᠯᠠᠨ ᠵᠤᠶᠢᠯ ᠤᠨ ᠤᠨᠴᠠᠯᠢᠬᠳᠤ ᠠᠩᠭᠢ ᠡᠷᠭᠢᠯᠡᠭᠦ ᠳᠡᠭᠡᠨ ᠳᠠᠭᠤᠤ ᠶᠢᠨ ᠠᠩᠭᠢ ᠶᠢᠨ ᠰᠤᠷᠤᠬᠴᠢᠳ ᠲᠠᠭᠠᠨ ᠤᠷᠳᠤ ᠶᠢᠨ ᠳᠠᠭᠤᠤ᠂ ᠠᠷᠠᠳ ᠤᠨ ᠳᠠᠭᠤᠤ ᠵᠢᠭᠠᠬᠤ ᠭᠦᠳᠤᠯᠪᠤᠷᠢ ᠳᠤᠬᠳᠠᠭᠠᠵᠤ᠂ ᠨᠠᠰᠤᠳᠠᠨ ᠢ ᠵᠠᠯᠠᠵᠤ ᠳᠠᠭᠤᠤ ᠵᠢᠭᠠᠯᠭᠠᠬᠤ ᠪᠠᠷ ᠪᠤᠯᠤᠬᠰᠠᠨ ᠨᠢ ᠶᠠᠷᠤ ᠠᠴᠠ ᠬᠠᠭᠤᠴᠢᠨ ᠳᠠᠭᠤᠤ ᠪᠠᠨ ᠬᠡᠨ ᠨᠢᠭᠡᠨ ᠳᠤ ᠤᠯᠠᠮᠵᠢᠯᠠᠬᠤ ᠪᠢᠯᠡ ᠭᠡᠮᠡᠨ ᠡᠷᠢᠯ ᠪᠣᠯᠵᠤ ᠪᠠᠶᠢᠬᠰᠠᠨ ᠳᠡᠭᠦᠨ ᠤ ᠰᠠᠨᠠᠭᠠᠨ ᠳᠤ ᠶᠠᠪ ᠴᠠᠪ ᠲᠤᠭᠢᠷᠠᠬᠰᠠᠨ ᠪᠠᠶᠢᠪᠠ᠃ ᠠᠶᠤᠰᠢᠵᠠᠪ ᠨᠠᠰᠤᠳᠠᠨ᠄ 《 ᠨᠠᠳᠠᠳᠤ ᠭᠦᠮᠦᠨ ᠤ ᠭᠡᠤᠭᠡᠳ ᠲᠤ ᠵᠢᠭᠠᠬᠤ ᠠᠷᠠᠳ ᠤᠨ ᠳᠠᠭᠤᠤ ᠨᠢ ᠪᠠᠶᠢᠬᠤ ᠠᠴᠠ ᠪᠢᠰᠢ᠂ ᠤᠨᠤᠯ ᠤᠨ ᠮᠡᠷᠭᠡᠵᠢᠯ ᠨᠢ ᠪᠠᠶᠢᠬᠤ ᠦᠭᠡᠢ ᠭᠦᠮᠦᠨ ᠳ᠋ᠠ᠂ ᠪᠠᠭᠰᠢ ᠪᠣᠯᠵᠤ ᠦᠵᠡᠭᠡ ᠦᠭᠡᠢ᠂ ᠴᠢᠳᠠᠬᠤ ᠴᠤ ᠦᠭᠡᠢ ᠳ᠋ᠠ᠃ ᠭᠡᠶ᠎ᠡ᠂ ᠬᠠᠭᠤᠴᠢᠨ ᠨᠣᠳᠤᠭ ᠤᠨ ᠳᠠᠭᠤᠤ᠂ ᠤᠷᠳᠤ ᠶᠢᠨ ᠳᠠᠭᠤᠤ ᠶᠢ ᠰᠤᠷᠬᠤ ᠭᠦᠮᠦᠨ ᠪᠠᠶᠢᠬᠤ ᠠᠴᠠ ᠦᠪᠡᠷ ᠤᠨ ᠦᠨᠳᠤᠰᠤᠳᠡᠨ ᠤ ᠤᠷᠠᠯᠢᠭ ᠢᠶᠠᠨ ᠤᠯᠠᠮᠵᠢᠯᠠᠴᠢᠬᠠᠪᠠᠯ ᠬᠤᠵᠢᠮ ᠭᠡᠤᠭᠡᠳ ᠤᠳ ᠲᠤ ᠮᠢᠨᠢ ᠭᠡᠷᠡᠭ ᠲᠠᠢ ᠪᠣᠯᠬᠤ ᠪᠠᠶᠢᠬ᠎ᠠ ᠭᠡᠵᠤ ᠵᠢᠭᠠᠬᠤ ᠪᠠᠷ ᠪᠤᠯᠤᠬᠰᠠᠨ ᠶᠤᠮ 》 ᠭᠡᠮᠡᠨ ᠮᠠᠯᠴᠢᠨ ᠭᠦᠮᠦᠨ ᠤ ᠪᠤᠷᠤᠬᠵᠢᠭᠤᠨ ᠶᠠᠷᠢᠶ᠎ᠠ ᠪᠠᠷ ᠳᠠᠶᠢᠪᠤᠩ ᠶᠠᠷᠢᠯ᠎ᠠ᠃

ᠳᠠᠭᠤᠤ ᠪᠠᠨ ᠳᠠᠭᠤᠯᠠᠬᠤ ᠪᠠᠷ ᠰᠡᠳᠭᠢᠯ ᠰᠡᠷᠭᠦᠳᠡᠭ ᠠᠶᠤᠰᠢᠵᠠᠪ ᠨᠠᠰᠤᠳᠠᠨ ᠭᠡᠤᠭᠡᠳ ᠤᠳ ᠲᠠᠢ ᠪᠠᠨ ᠬᠠᠮᠳᠤ ᠭᠢᠴᠢᠶᠠᠯᠯᠠᠭᠦ ᠪᠠᠷ ᠯᠡ ᠴᠠᠭ ᠨᠢ ᠶᠠᠭᠠᠭᠢᠬᠤ ᠶᠢᠨ ᠠᠷᠭ᠎ᠠ ᠦᠭᠡᠢ ᠲᠦᠷᠭᠡᠨ ᠦᠩᠭᠡᠷᠡᠳᠡᠭ᠃ ᠶᠠᠷᠤ ᠨᠢ ᠬᠠᠭᠤᠴᠢᠨ ᠭᠦᠮᠦᠨ ᠪᠤᠯᠬᠤᠷ ᠳᠠᠭᠤᠤ ᠪᠠᠨ ᠴᠤ ᠬᠠᠭᠤᠴᠢᠨ ᠶᠤᠰᠤᠭᠠᠷ ᠪᠦᠳᠦᠨ ᠪᠦᠳᠦᠨ ᠢᠶᠠᠷ ᠨᠢ ᠵᠢᠭᠠᠨ᠎ᠠ᠂ ᠦᠪᠡᠷ ᠢᠶᠠᠨ ᠳᠠᠭᠤᠯᠠᠵᠤ ᠰᠤᠨᠤᠰᠬᠠᠬᠤ ᠪᠠᠷ ᠤᠷᠢᠳᠠᠯ ᠪᠤᠯᠭᠠᠵᠤ᠂ ᠳᠠᠭᠠᠭᠤᠯᠵᠤ ᠳᠠᠭᠤᠯᠠᠬᠤ ᠪᠠᠷ ᠭᠤᠤᠯᠴᠢᠯᠠᠵᠤ᠂ ᠬᠠᠮᠳᠤ ᠳᠠᠭᠠᠨ ᠳᠠᠭᠤᠯᠠᠵᠤ ᠳᠤᠬᠯᠠᠨ ᠪᠠᠶᠠᠰᠬᠤ ᠳᠤᠮᠳᠠ ᠳᠠᠭᠤᠤ ᠪᠠᠨ ᠰᠤᠷᠭᠠᠬᠤ ᠵᠣᠷᠢᠯᠭ᠎ᠠ ᠳᠠᠭᠠᠨ ᠭᠦᠷᠴᠤ ᠪᠠᠶᠢᠨ᠎ᠠ᠃ ᠭᠡᠤᠭᠡᠳ ᠤᠳ ᠤᠨ ᠬᠤᠭᠤᠯᠠᠢ ᠶᠢᠨ ᠦᠩᠭᠡ ᠳᠤᠬᠳᠠᠪᠤᠷᠢᠵᠢᠵᠤ ᠴᠢᠳᠠᠭ᠎ᠠ ᠦᠭᠡᠢ ᠪᠠᠶᠢᠳᠠᠯ ᠳᠤ ᠵᠤᠭᠢᠴᠠᠭᠤᠯᠤᠨ᠂ 《 ᠮᠢᠨᠤ ᠨᠣᠳᠤᠭ 》 ᠵᠡᠷᠭᠡ ᠠᠮᠠᠷᠬᠠᠨ ᠳᠠᠭᠤᠤ ᠠᠴᠠ ᠳᠠᠭᠦᠵᠤ ᠵᠢᠭᠠᠵᠤ ᠪᠠᠶᠢᠨ᠎ᠠ᠂ ᠡᠨᠡ ᠨᠢ ᠨᠢᠭᠡ ᠲᠠᠯ᠎ᠠ ᠪᠠᠷ ᠭᠦᠭ ᠳᠤᠤᠷ᠎ᠠ᠂ ᠠᠶ᠎ᠠ ᠨᠢ ᠠᠮᠠᠷᠬᠠᠨ᠂ ᠤᠷᠳᠤ ᠠᠶ᠎ᠠ ᠶᠢᠨ ᠬᠢᠨ ᠨᠤᠭᠤᠯᠤᠭ᠎ᠠ ᠣᠬᠤᠷᠬᠠᠨ᠂ ᠨᠦᠭᠦᠭᠡ ᠲᠠᠯ᠎ᠠ ᠪᠠᠷ ᠡᠳᠡᠭᠡᠷ ᠳᠠᠭᠤᠤ ᠨᠢ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠳᠤ ᠤᠯᠠᠨ ᠵᠢᠯ ᠳᠠᠭᠤᠯᠠᠬᠳᠠᠬᠰᠠᠨ ᠠᠷᠠᠳ ᠤᠨ ᠳᠠᠭᠤᠤ ᠶᠤᠮ᠃ ᠬᠠᠮᠳᠤ ᠳᠠᠭᠠᠨ ᠳᠠᠭᠤᠯᠠᠵᠤ ᠪᠦᠵᠢᠭᠯᠡᠨ ᠴᠢᠯᠤᠭᠡᠳᠠᠢ ᠪᠠᠶᠢᠳᠠᠭ ᠡᠨᠡᠬᠦ ᠭᠢᠴᠢᠶᠠᠯ ᠳᠤ ᠰᠤᠷᠤᠬᠴᠢᠳ ᠪᠠᠬ᠎ᠠ ᠲᠠᠢ ᠪᠠᠶᠢᠵᠤ᠂ ᠭᠠᠷᠠᠭ ᠪᠦᠷᠢ ᠶᠢᠨ ᠨᠢᠭᠡ ᠭᠢᠴᠢᠶᠠᠯ ᠳᠡᠭᠡᠨ ᠰᠠᠭᠠᠲᠤᠯ ᠦᠭᠡᠢ ᠤᠷᠤᠯᠴᠠᠳᠠᠭ ᠶᠤᠮ᠃ 《 ᠤᠳᠤᠬᠠᠨ ᠪᠤᠯᠳᠠᠯ᠎ᠠ ᠵᠢᠷᠭᠤᠭᠠᠨ ᠳᠠᠭᠤᠤ ᠵᠢᠭᠠᠭᠠᠳ ᠪᠠᠶᠢᠨ᠎ᠠ᠂ ᠭᠡᠤᠭᠡᠳ ᠤᠳ ᠪᠠᠰᠠ ᠶᠡᠭᠡ ᠰᠠᠶᠢᠨ ᠳᠠᠭᠤᠯᠠᠵᠤ ᠪᠠᠶᠢᠨ᠎ᠠ᠃ ᠭᠡᠤᠭᠡᠳ ᠲᠤ ᠠᠶ᠎ᠠ ᠶᠢ ᠨᠢ ᠵᠦᠪ ᠠᠶᠠᠯᠵᠤ᠂ ᠦᠭᠡ ᠶᠢ ᠨᠢ ᠳᠤᠳᠤ ᠭᠡᠯᠡᠵᠤ᠂ ᠨᠤᠭᠤᠯᠤᠭ᠎ᠠ ᠶᠢ ᠨᠢ ᠡᠪᠳᠠᠢ ᠨᠤᠭᠤᠯᠪᠠᠯ ᠪᠤᠯᠴᠢᠬᠠᠨ᠎ᠠ ᠭᠡᠵᠤ ᠱᠠᠭᠠᠷᠳᠠᠳᠠᠭ᠃ ᠭᠡᠤᠭᠡᠳ ᠤᠳ ᠡᠭᠦᠨ ᠢ ᠰᠤᠷᠬᠤ ᠲᠤᠷᠠᠳᠠᠢ ᠪᠠᠶᠢᠬᠤ ᠴᠢᠨᠢ ᠨᠤᠳᠤᠭ ᠤᠨ ᠬᠠᠭᠤᠴᠢᠨ ᠳᠠᠭᠤᠤ ᠪᠠᠨ ᠤᠯᠠᠮᠵᠢᠯᠠᠵᠤ ᠠᠪᠬᠤ ᠶᠢᠨ ᠳᠦᠯᠦᠭᠡ 》 ᠭᠡᠵᠦ ᠪᠠᠶᠠᠷᠳᠠᠢ ᠶᠠᠷᠢᠨ᠎ᠠ᠃ ᠨᠠᠰᠤᠳᠠᠨ ᠡᠵᠢ ᠶᠢᠨ ᠦᠷᠦᠴᠡ ᠵᠢᠷᠦᠬᠡᠨ ᠤ ᠦᠭᠡ ᠶᠠᠷᠢᠶ᠎ᠠ ᠪᠤᠯᠤᠨ ᠬᠠᠶᠢᠷᠠᠳᠤ ᠨᠤᠳᠤᠭ ᠤᠨ ᠮᠢᠨᠢ ᠤᠶᠠᠩᠭᠠᠳᠤ ᠰᠠᠶᠢᠬᠠᠨ ᠳᠠᠭᠤᠤ ᠶᠢᠨ ᠳᠤᠮᠳᠠ ᠪᠢᠳᠠᠨ ᠤ ᠰᠤᠷᠪᠤᠯᠵᠢᠯᠠᠭ᠎ᠠ ᠦᠨᠳᠤᠷᠯᠠᠪᠠ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄