ᠬᠣᠷᠴᠢᠨ ᠡᠭᠡᠴᠢ ᠲᠡᠭᠦᠦ ᠬᠠᠮᠲᠤᠯᠢᠭ

ᠤᠩᠰᠢᠭᠰᠠᠨ ᠤᠳᠠᠭ᠎ᠠ ᠄ 751    ᠨᠡᠶᠢᠳᠡᠯᠡᠭᠰᠡᠨ ᠴᠠᠭ ᠄ 2017-02-15





ᠬᠣᠷᠴᠢᠨ ᠡᠭᠡᠴᠢ ᠲᠡᠭᠦᠦ ᠬᠠᠮᠲᠤᠯᠢᠭ ᠪᠣᠯ ᠵᠠᠷᠤᠳ ᠬᠣᠰᠢᠭᠤᠨ ᠤ ᠦᠯᠵᠡᠶᠢᠮᠦ᠋ᠷᠡᠨ ᠰᠤᠮᠤ ᠪᠠᠷ ᠨᠤᠲᠤᠭ ᠲᠠᠢ ᠦᠵᠡᠰᠭᠦᠯᠡᠩ᠂ ᠠᠮᠤᠭᠤᠯᠠᠩ ᠡᠭᠡᠴᠢ ᠳᠡᠭᠦᠦ ᠬᠣᠶᠠᠷ ᠢᠶᠠᠷ ᠪᠦᠷᠢᠯᠳᠦᠭᠰᠡᠨ ᠬᠠᠮᠲᠤᠯᠢᠭ ᠶᠤᠮ᠃ ᠲᠤᠰ ᠬᠠᠮᠲᠤᠯᠢᠭ ᠨᠢ 2009 ᠣᠨ ᠤ 11 ᠰᠠᠷ᠎ᠠ ᠳ᠋ᠤ ᠪᠠᠶᠢᠭᠤᠯᠤᠭᠳᠠᠵᠤ᠂ ᠣᠳᠣ ᠪᠣᠯᠲᠠᠯ᠎ᠠ ᠨᠡᠯᠢᠶᠡᠳ ᠣᠯᠠᠨ ᠪᠦᠲᠦᠭᠡᠯ ᠲᠠᠢ ᠶᠠᠪᠤᠵᠤ ᠪᠠᠶᠢᠭ᠎ᠠ ᠬᠠᠮᠲᠤᠯᠢᠭ ᠪᠣᠯᠬᠤ ᠶᠤᠮ᠃

ᠦᠵᠡᠰᠭᠦᠯᠡᠩ᠂ ᠠᠮᠤᠭᠤᠯᠠᠩ ᠡᠭᠡᠴᠢ ᠳᠡᠭᠦᠦ ᠬᠣᠶᠠᠷ ᠬᠠᠷᠠᠬᠠᠨ ᠪᠠᠭ᠎ᠠ ᠡᠴᠠ ᠪᠠᠨ ᠳᠠᠭᠤᠤ ᠤᠷᠠᠯᠢᠭ ᠲᠤ ᠳᠤᠷ᠎ᠠ ᠪᠠᠬ᠎ᠠ ᠲᠠᠢ ᠶ᠋ᠢᠨ ᠤᠴᠢᠷ ᠳᠠᠭᠤᠤ ᠳᠠᠭᠤᠯᠠᠵᠤ᠂ ᠠᠶᠢᠯ ᠠᠶᠢᠮᠠᠭ ᠤᠨ ᠬᠢᠨ ᠢᠶ᠋ᠡᠨ ᠪᠠᠶᠠᠰᠬᠠᠵᠤ ᠶᠠᠪᠤᠵᠠᠢ᠃

2006 ᠣᠨ ᠳ᠋ᠤ ᠡᠭᠡᠴᠢ ᠳᠡᠭᠦᠦ ᠬᠣᠶᠠᠭᠤᠯᠠ ᠬᠠᠮᠲᠤ ᠳ᠋ᠤ ᠪᠠᠨ ᠲᠥᠪ ᠦ᠋ᠨ ᠦᠨᠳᠦᠰᠦᠲᠡᠨ ᠦ ᠶᠡᠬᠡ ᠰᠤᠷᠭᠠᠭᠤᠯᠢ ᠳᠤ ᠰᠢᠯᠭᠠᠨ ᠣᠷᠣᠵᠤ᠂《 ᠴᠢᠨᠳᠠᠮᠤᠨᠢ ᠡᠷᠳᠡᠨᠢ 》 ᠶ᠋ᠢᠨ ᠡᠵᠢ ᠤᠷᠠᠨ᠎ᠠ ᠪᠠᠭᠰᠢ ᠡᠴᠠ ᠳᠠᠭᠤᠯᠠᠬᠤ ᠮᠡᠷᠭᠡᠵᠢᠯ ᠰᠤᠷᠪᠠ᠃ ᠤᠯᠤᠰ᠂ ᠣᠷᠣᠨ ‍ᠤ ᠳᠡᠰ ‍ᠦᠨ ᠤᠷᠤᠯᠳᠤᠭᠠᠨ ᠲᠡᠮᠡᠴᠡᠭᠡᠨ ᠢᠶᠠᠷ ᠣᠯᠠᠨᠲᠠ ᠣᠷᠣᠯᠴᠠᠵᠤ᠂ ᠤᠷᠤᠯᠳᠤᠭᠠᠨ ᠤ ᠦᠨᠳᠦᠷ ᠬᠢᠷᠢ ᠪᠦᠲᠦᠮᠵᠢ᠂ ᠦᠵᠡᠭᠴᠢᠳ ᠦᠨ ᠦᠨᠳᠦᠷ ᠦᠨᠡᠯᠡᠯᠲᠡ ᠶ᠋ᠢ ᠣᠯᠵᠤ᠂ ᠲᠠᠯ᠎ᠠ ᠨᠤᠲᠤᠭ ‍ᠤᠨ ᠳᠠᠭᠤᠤ ᠬᠥᠭᠵᠢᠮ ‍ᠦᠨ ᠢᠷᠠᠭᠤ ᠤᠶᠠᠩᠭᠠᠯᠢᠭ᠂ ᠳᠠᠩᠰᠤᠭ ᠪᠠᠶᠠᠯᠢᠭ᠂ ᠷᠢᠳᠢ ᠰᠢᠳᠢ ᠲᠠᠢ ᠶ᠋ᠢ ᠭᠠᠶᠢᠬᠠᠭᠤᠯᠵᠤ ᠶᠠᠪᠤᠵᠠᠢ᠃

ᠬᠣᠷᠴᠢᠨ ᠡᠭᠡᠴᠢ ᠳᠡᠭᠦᠦ ᠬᠠᠮᠲᠤᠯᠢᠭ ᠤᠨ ᠳᠠᠭᠤᠯᠠᠭᠰᠠᠨ 《 ᠵᠢᠷᠤᠭ ᠰᠢᠭ᠋ ᠨᠤᠲᠤᠭ ᠢᠶᠡᠨ ᠵᠢᠷᠤᠶ᠎ᠠ 》᠂ 《 ᠨᠤᠭᠤᠨᠵᠠᠶᠠᠭ᠎ᠠ 》᠂ 《 ᠬᠠᠷᠠᠭᠠᠨ ᠤ ᠦᠵᠦᠭᠦᠷ 》 ᠵᠡᠷᠭᠡ ᠣᠯᠠᠨ ᠰᠠᠶᠢᠬᠠᠨ ᠳᠠᠭᠤᠤ ᠨᠢ ᠣᠳᠣᠬᠠᠨ᠎ᠠ ᠮᠠᠰᠢ ᠲᠥᠷᠭᠡᠨ ᠳᠠᠷᠬᠠᠨ ᠳᠠᠭᠤᠯᠠᠭᠳᠠᠵᠤ ᠪᠠᠶᠢᠭ᠎ᠠ ᠪᠢᠯᠡ᠃

ᠠᠮᠤᠭᠤᠯᠠᠩ᠂ 2003 ᠣᠨ ᠳ᠋ᠤ ᠥᠪᠥᠷ ᠮᠣᠩᠭᠣᠯ ᠤᠨ ᠶᠡᠬᠡ ᠰᠤᠷᠭᠠᠭᠤᠯᠢ ᠶ᠋ᠢᠨ ᠤᠷᠠᠯᠢᠭ ᠤᠨ ᠳᠡᠭᠡᠳᠦ ᠰᠤᠷᠭᠠᠭᠤᠯᠢ ᠶ᠋ᠢᠨ ᠬᠠᠷᠢᠶᠠᠲᠤ ᠳᠤᠮᠳᠠᠳᠤ ᠰᠤᠷᠭᠠᠭᠤᠯᠢ ᠳᠤ ᠰᠢᠯᠭᠠᠭᠤᠯᠤᠨ ᠣᠷᠣᠭᠰᠠᠨ ᠡᠴᠠ ᠳᠠᠭᠤᠤ ᠤᠷᠠᠯᠢᠭ ᠤᠨ ᠠᠯᠲᠠᠨ ᠵᠠᠮ ᠢᠶᠠᠷ ᠠᠯᠬᠤᠵᠤ ᠡᠬᠢᠯᠡᠵᠡᠢ᠃ ᠲᠡᠷᠡ ᠪᠡᠷ 2004 ᠣᠨ ᠳ᠋ᠤ ᠥᠪᠥᠷ ᠮᠣᠩᠭᠣᠯ ᠤᠨ ᠮᠣᠩᠭᠣᠯ ᠣᠳᠣᠨ ᠲᠸᠯᠸᠢᠰ ᠦᠨ ᠴᠠᠭᠠᠨ ᠰᠠᠷ᠎ᠠ ᠶ᠋ᠢᠨ ᠤᠷᠠᠨ ᠰᠠᠶᠢᠬᠠᠨ ᠤ ᠦᠳᠡᠰᠢᠯᠡᠭᠡ ᠵᠢᠴᠢ 2005 ᠣᠨ ᠳ᠋ᠤ ᠪᠡᠭᠡᠵᠢᠩ ᠬᠣᠲᠠ ᠶ᠋ᠢᠨ ᠰᠢᠨ᠎ᠡ ᠵᠢᠯ ᠦᠨ ᠤᠷᠠᠨ ᠰᠠᠶᠢᠬᠠᠨ ᠦᠳᠡᠰᠢᠯᠡᠭᠡ ᠳ᠋ᠦ ᠣᠷᠣᠯᠴᠠᠨ᠂ 2006 ᠣᠨ ᠳ᠋ᠤ ᠡᠭᠡᠴᠢ ᠦᠵᠡᠰᠭᠦᠯᠡᠩ ᠦᠨ ᠬᠠᠮᠲᠤ ᠠᠮᠵᠢᠯᠲᠠ ᠲᠠᠢ ᠪᠠᠷ ᠲᠥᠪ ᠦᠨ ᠦᠨᠳᠦᠰᠦᠲᠡᠨ ᠦ ᠶᠡᠬᠡ ᠰᠤᠷᠭᠠᠭᠤᠯᠢ ᠶ᠋ᠢᠨ ᠳᠠᠭᠤᠤ ᠬᠥᠭᠵᠢᠮ ᠦᠨ ᠳᠡᠭᠡᠳᠦ ᠰᠤᠷᠭᠠᠭᠤᠯᠢ ᠳ᠋ᠤ ᠰᠢᠯᠭᠠᠨ ᠣᠷᠣᠵᠣ᠂ ᠤᠷᠠᠨ᠎ᠠ ᠪᠠᠭᠰᠢ ᠶ᠋ᠢᠨ ᠭᠠᠷ ᠱᠠᠪᠢ ᠪᠣᠯᠪᠠ᠃ ᠲᠡᠶᠢᠨᠬᠦ 2006 ᠣᠨ ᠳ᠋ᠤ ᠠᠷᠪᠠᠨ ᠬᠣᠶᠠᠳᠤᠭᠠᠷ ᠬᠤᠭᠤᠴᠠᠭᠠᠨ ᠤ ᠪᠦᠬᠦ ᠤᠯᠤᠰ ᠤᠨ ᠵᠠᠯᠠᠭᠤ ᠳᠠᠭᠤᠴᠢᠳ ᠤᠨ ᠶᠡᠬᠡ ᠱᠠᠩᠨᠠᠯᠲᠤ ᠤᠷᠤᠯᠳᠤᠭᠠᠨᠳ᠋ᠤ ᠢᠵᠠᠭᠤᠷ ᠤᠷᠠᠯᠢᠭ ᠤᠨ ᠳᠤᠭᠤᠶᠢᠯᠠᠩ ᠤᠨ ᠭᠤᠷᠪᠠᠳᠤᠭᠠᠷ ᠨᠡᠷ᠎ᠡ ᠳᠤ ᠲᠣᠳᠣᠷᠠᠵᠤ᠂ 2007 ᠣᠨ ᠳ᠋ᠤ ᠣᠯᠠᠨ ᠤᠯᠤᠰ ᠤᠨ ᠮᠣᠩᠭᠣᠯ ᠦᠨᠳᠦᠰᠦᠲᠡᠨ ᠦ ᠤᠷᠲᠤ  ᠶ᠋ᠢᠨ ᠳᠠᠭᠤᠤ ᠶ᠋ᠢᠨ ᠲᠸᠯᠸᠢᠰ ᠱᠠᠩᠨᠠᠯᠲᠤ ᠤᠷᠤᠯᠳᠤᠭᠠᠨ ᠳ᠋ᠤ ᠰᠢᠯᠢᠳᠡᠭ ᠳᠡᠰ ᠦᠨ ᠱᠠᠩᠨᠠᠯ ᠬᠦᠷᠲᠡᠵᠡᠢ᠃

2009 ᠣᠨ ᠤ 11 ᠰᠠᠷ᠎ᠠ ᠳᠤ ᠡᠭᠡᠴᠢ ᠦᠵᠡᠰᠭᠦᠯᠡᠩ ᠲᠠᠢ ᠪᠠᠨ  《 ᠬᠣᠷᠴᠢᠨ ᠡᠭᠡᠴᠢ ᠲᠡᠭᠦᠦ 》 ᠬᠠᠮᠲᠤᠯᠢᠭ ᠢ ᠪᠠᠶᠢᠭᠤᠯᠵᠠᠢ᠃ ᠡᠭᠦᠨ ᠡᠴᠡ ᠬᠣᠶᠢᠰᠢ ᠲᠡᠷᠡ ᠣᠯᠠᠨ ᠭᠠᠵᠠᠷ ᠣᠷᠣᠨ ᠤ ᠤᠷᠢᠯᠭ᠎ᠠ ᠬᠥ᠋ᠯᠢᠶᠡᠯᠲᠡ ᠶ᠋ᠢ ᠲᠣᠰᠴᠤ᠂ ᠤᠶᠠᠬᠠᠨ ᠳᠠᠭᠤᠤ᠂ ᠢᠷᠠᠭᠤ ᠬᠣᠭᠣᠯᠠᠢ ᠪᠠᠷ ᠢᠶᠡᠨ ᠪᠦᠬᠦᠨ ᠢ ᠪᠢᠰᠢᠷᠡᠲᠡᠯ᠎ᠡ᠂ ᠬᠤᠷᠴᠢᠨ ᠨᠤᠲᠤᠭ ᠤᠨ ᠢᠶᠡᠨ ᠡᠯᠢᠭᠡᠨ ᠡᠴᠠ ᠲᠥᠪ ᠲᠸᠯᠸᠢᠰ ᠦᠨ ᠠᠯᠲᠠᠨ ᠲᠠᠶᠢᠰᠠ ᠬᠦᠷᠲᠡᠯ᠎ᠡ ᠬᠠᠩᠭᠢᠨᠠᠲᠠᠯ᠎ᠠ ᠳᠠᠭᠤᠯᠠᠵᠤ᠂ ᠮᠣᠩᠭᠣᠯ ᠬᠡᠦᠬᠡᠨ ᠦ ᠵᠣᠷᠢᠭ ᠰᠦᠯᠳᠡ᠂ ᠴᠣᠭ ᠵᠢᠪᠬᠣᠭ᠎ᠠ᠂ ᠡᠷᠬᠢᠮᠰᠦᠭ ᠭᠣᠸ᠎ᠠ ᠳᠦᠷᠢ ᠳᠥᠷᠬᠦ ᠶ᠋ᠢ ᠪᠦᠬᠦ ᠤᠯᠤᠰ ᠤᠨ ᠦᠵᠡᠭᠴᠢᠳ ᠦᠨ ᠰᠡᠳᠬᠢᠯ ᠳ᠋ᠦ ᠲᠠᠮᠠᠭᠠᠯᠠᠵᠤ ᠶᠠᠪᠤᠭᠰᠠᠨ ᠰᠠᠨ᠃

2015 ᠣᠨ ᠤ 3 ᠰᠠᠷ᠎ᠠ ᠳ᠋ᠤ ᠪᠣᠯᠣᠭᠰᠠᠨ CCTV - 3 ᠡᠴᠠ ᠡᠷᠬᠢᠯᠡᠨ ᠶᠠᠪᠤᠭᠳᠠᠭᠤᠯᠳᠠᠭ 《 ᠬᠦᠰᠡᠯ ᠮᠥᠷᠥᠭᠡᠳᠦᠯ ‍ᠦᠨ ᠳᠠᠭᠤᠯᠠᠯ 》 ᠳᠠᠭᠤᠤ ᠶ᠋ᠢᠨ ᠮᠦᠷᠦᠶᠢᠴᠡᠭᠡᠨ ᠦ ᠨᠢᠭᠡᠳᠦᠭᠡᠷ ᠣᠯᠠᠷᠢᠯ ‍ᠤᠨ ᠤᠷᠤᠯᠳᠤᠭᠠᠨ ᠤ ᠲᠡᠷᠢᠭᠦᠨ ᠢ ᠰᠢᠭᠦᠷᠴᠦ᠂ ᠮᠥᠨ ᠲᠤᠰ ᠵᠢᠯ ᠳᠦ ᠪᠣᠯᠣᠭᠰᠠᠨ 《 ᠬᠠᠲᠤᠨ ᠭᠣᠣᠯ ᠤᠨ ᠳᠠᠭᠤᠤ 》 ᠨᠡᠷᠡᠮᠵᠢᠲᠦ ᠱᠠᠨ ᠰᠢ ᠲᠸᠯᠸᠢᠰ ᠦᠨ ᠳᠠᠭᠤᠤ ᠶ᠋ᠢᠨ ᠮᠦᠷᠦᠶᠢᠴᠡᠭᠡᠨ ᠳ᠋ᠦ ᠠᠪ ᠠᠮᠠᠷᠬᠠᠨ ᠢᠶᠠᠷ 6 ᠬᠦᠴᠦᠷᠬᠡᠭ ᠦᠨ ᠳᠠᠪᠠᠭ᠎ᠠ ᠶ᠋ᠢ ᠳᠠᠪᠠᠵᠤ᠂ ᠬᠡᠵᠢᠶᠡᠳᠡ ᠬᠦᠰᠡᠯ ᠮᠦᠷᠦᠭᠡᠳᠦᠯ ᠦᠨ ᠲᠥᠯᠥᠭᠡ ᠴᠣᠴᠠᠰᠢ ᠦᠭᠡᠢ ᠴᠢᠷᠮᠠᠶᠢᠨ ᠵᠢᠳᠬᠦᠳᠡᠭ ᠬᠣᠷᠴᠢᠨ ᠬᠡᠦᠬᠡᠨ ᠤ ᠬᠠᠯᠢᠷᠠᠰᠢ ᠦᠭᠡᠢ ᠵᠣᠷᠢᠭ ᠢ ᠡᠨᠡ ᠤᠳᠠᠭᠠᠨ ᠤ ᠤᠷᠤᠯᠳᠤᠭᠠᠨ ᠢᠶᠠᠷ ᠲᠠᠬᠢᠨᠲᠠ ᠢᠯᠡᠷᠡᠭᠦᠯᠵᠡᠢ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ