ᠰᠢᠯᠢᠳᠡᠭ ᠪᠠᠭᠰᠢ ᠶ᠋ᠢ ᠪᠢᠯᠸᠲ ᠦᠭᠴᠤ ᠰᠤᠩᠭᠤᠬᠤ ᠶ᠋ᠢ ᠵᠤᠭᠰᠤᠭᠠᠬᠤ ᠬᠡᠷᠡᠭᠲᠡᠢ ᠪᠤᠯᠵᠠᠢ

ᠤᠩᠰᠢᠭᠰᠠᠨ ᠤᠳᠠᠭ᠎ᠠ ᠄ 769    ᠨᠡᠶᠢᠳᠡᠯᠡᠭᠰᠡᠨ ᠴᠠᠭ ᠄ 2017-02-15

ᠤᠶᠢᠷ᠎ᠠ ᠶ᠋ᠢᠨ ᠵᠢᠯ ᠡᠴᠠ ᠨᠠᠰᠢ᠂ ᠦᠨᠳᠤᠰᠤᠨ ᠱᠠᠳᠣᠨ ᠤ ᠪᠠᠭᠰᠢ ᠨᠠᠷ ᠵᠢᠯ ‍ᠤᠨ ᠡᠴᠦᠰ ᠲᠦ ᠰᠢᠯᠢᠳᠡᠭ ᠪᠠᠭᠰᠢ ᠶ᠋ᠢ ᠰᠤᠩᠭᠤᠬᠤ ᠪᠠᠷᠢᠮᠵᠢᠶ᠎ᠠ᠂ ᠰᠤᠩᠭᠤᠬᠤ ᠠᠷᠭ᠎ᠠ ᠪᠤᠯᠤᠨ ᠰᠤᠩᠭᠤᠬᠤ ᠲᠡᠰ ᠳᠠᠷᠠᠭᠠᠯᠠᠯ ᠳ᠋ᠥ ᠰᠡᠵᠢᠭ ᠠᠵᠢᠭ ᠠᠪᠤᠭᠰᠠᠨ ᠶᠠᠷᠢᠶ᠎ᠠ ᠬᠡᠯᠡᠯᠴᠡᠭᠡ ᠴᠢᠬᠢᠨ ᠳ᠋ᠥ ᠳᠠᠭᠤᠷᠢᠰᠬᠤ ᠪᠤᠯᠪᠠ᠃ ᠭᠤᠤᠯ ᠰᠢᠯᠲᠠᠭᠠᠨ ᠭᠡᠪᠡᠯ ᠪᠠᠷᠢᠮᠵᠢᠶ᠎ᠠ ᠨᠢ ᠲᠤᠲᠤᠷᠬᠠᠢ ᠪᠤᠰᠤ᠂ ᠪᠢᠯᠸᠲ ᠦᠭᠬᠦ ᠪᠠᠷ ᠭᠤᠤᠯᠯᠠᠬᠤ᠂ ᠲᠡᠰ ᠳᠠᠷᠠᠭᠠᠯᠠᠯ ᠢᠯᠡ ᠪᠤᠰᠤ᠂ ᠬᠦᠮᠤᠨ ᠤ ᠰᠢᠯᠲᠠᠭᠠᠯᠠᠬᠤ ᠬᠦᠴᠦᠨ ᠵᠥᠢᠯ ᠦᠩᠭᠡᠷᠡᠤ ᠶᠡᠬᠡ ᠪᠠ ᠦᠷ᠎ᠡ ᠳ᠋ᠦᠩ ᠨᠢ ᠪᠢᠰᠢᠷᠡᠭᠦᠯᠬᠦ ᠬᠦᠴᠦᠨ ᠲᠤᠲᠠᠮᠠᠭ ᠪᠠᠶᠢᠨ᠎ᠠ᠃ ᠵᠢᠱᠢᠶᠡᠯᠡᠪᠡᠯ᠂ ᠵᠠᠷᠢᠮ ᠨᠢᠭᠡᠨ ᠰᠤᠷᠭᠠᠭᠤᠯᠢ ᠡᠨᠡ ᠵᠢᠯ ᠪᠢᠯᠸᠲ ᠦᠭᠬᠦ ᠬᠡᠯᠪᠡᠷᠢ ᠪᠠᠷ ᠰᠢᠯᠢᠳᠡᠭ ᠪᠠᠭᠰᠢ ᠪᠡᠨ ᠰᠤᠩᠭᠤᠭᠰᠠᠨ ᠤ ᠳ᠋ᠦᠩ ᠳ᠋ᠥ ᠰᠤᠩᠭᠤᠭᠳᠠᠭᠰᠠᠨ ᠪᠠᠭᠰᠢ ᠨᠢ ᠲᠡᠶᠢᠮᠤ ᠴᠦ ᠰᠢᠯᠢᠳᠡᠭ ᠪᠢᠰᠢ ᠪᠦᠭᠡᠳ ᠶᠡᠷᠤᠳᠡ ᠶ᠋ᠢᠨ ᠴᠠᠭ ᠲᠠᠭᠠᠨ ᠬᠠᠷᠢᠴᠠᠭ᠎ᠠ ᠶ᠋ᠢ ᠯᠡ ᠡᠷᠬᠢᠮᠯᠡᠳᠡᠭ ᠬᠦᠮᠤᠨ ᠪᠠᠶᠢᠵᠠᠢ᠃  

ᠦᠨᠡᠨᠳᠡᠭᠡᠨ᠂ ᠪᠢᠯᠸᠲ ᠢᠶᠠᠷ ᠰᠤᠩᠭᠤᠬᠤ ᠨᠢ ᠦᠨᠳᠤᠰᠤᠨ ᠱᠠᠳᠤᠨ ᠤ ᠰᠤᠷᠭᠠᠭᠤᠯᠢ ᠶ᠋ᠢᠨ ᠰᠢᠯᠢᠳᠡᠭ ‍ᠢ ᠰᠢᠯᠭᠠᠷᠠᠭᠤᠯᠵᠦ ᠲᠡᠷᠢᠭᠦᠨ ᠤ ᠬᠢ ᠶ᠋ᠢ ᠰᠤᠩᠭᠤᠬᠤ ᠶᠠᠪᠤᠴᠠ ᠳ᠋ᠥ ᠨᠡᠪᠴᠢᠨ ᠤᠷᠤᠵᠠᠢ᠃ ᠵᠢᠱᠢᠶᠡᠯᠡᠬᠦ ᠳ᠋ᠥ᠂ ᠨᠢᠭᠡᠨ ᠰᠤᠷᠭᠠᠭᠤᠯᠢ ᠨᠢ ᠨᠢᠭᠡᠳᠤᠭᠡᠷ ᠡᠭᠡᠯᠵᠢ ᠶ᠋ᠢᠨ ᠪᠠ ᠬᠤᠶᠠᠳᠤᠭᠠᠷ ᠡᠭᠡᠯᠵᠢ ᠶ᠋ᠢᠨ ᠪᠢᠯᠸᠲ ᠦᠭᠬᠦ ᠬᠡᠯᠪᠡᠷᠢ ᠪᠠᠷ ᠲᠤᠰ ᠤᠨ ᠳ᠋ᠥ ᠰᠤᠷᠭᠠᠭᠤᠯᠢ ᠳ᠋ᠠᠭᠠᠨ ᠬᠤᠪᠢ ᠨᠡᠮᠡᠷᠢ ᠦᠵᠡᠭᠦᠯᠦᠭᠰᠡᠨ 《 ᠬᠤᠰᠢᠭᠤᠴᠢ 》 ᠪᠠᠭᠰᠢ ᠪᠠᠨ ᠰᠤᠩᠭᠤᠭᠰᠠᠨ ᠶᠤᠮ ᠪᠠᠶᠢᠨ᠎ᠠ᠃ ᠬᠡᠬᠦ ᠳ᠋ᠥ ᠵᠠᠷᠢᠮ  ᠬᠦᠮᠤᠨ᠄ 《 ᠡᠳᠡᠭᠡᠷ ᠪᠠᠭᠰᠢ ᠴᠤᠬᠤᠮ ᠶᠠᠭᠤᠨ ᠳ᠋ᠠᠭᠠᠨ ᠬᠤᠰᠢᠭᠤᠴᠢ ᠪᠤᠯᠤᠭᠰᠠᠨ᠂ ᠶᠠᠮᠠᠷ ᠪᠤᠳᠠᠲᠠᠢ ᠬᠤᠪᠢ ᠨᠡᠮᠡᠷᠢ ᠦᠵᠡᠭᠦᠯᠦᠭᠰᠡᠨ 》 ‍ᠢ ᠠᠰᠠᠭᠤᠬᠤ ᠦᠶᠡᠰ ᠲᠦ ᠰᠤᠷᠭᠠᠭᠤᠯᠢ ᠶ᠋ᠢᠨ ᠤᠳᠤᠷᠢᠳᠤᠯᠭ᠎ᠠ ᠨᠢ ᠬᠠᠷᠢᠨ᠄ 《 ᠡᠭᠦᠨ ‍ᠢ ᠠᠰᠠᠭᠤᠬᠤ ᠶ᠋ᠢᠨ ᠤᠴᠢᠷ ᠶᠠᠭᠤᠨ᠂ ᠪᠢᠯᠸᠲ ᠤᠯᠠᠨ ᠤᠯᠤᠭᠰᠠᠨ ᠨᠢ ᠬᠤᠪᠢ ᠨᠡᠮᠡᠷᠢ ᠶᠡᠬᠡ ᠶ᠋ᠢ ᠬᠠᠷᠠᠭᠤᠯᠵᠦ ᠪᠠᠶᠢᠭ᠎ᠠ ᠪᠢᠰᠢ ‍ᠦᠦ 》 ᠭᠡᠵᠦ ᠬᠠᠷᠢᠭᠤᠯᠵᠠᠢ᠃ ᠡᠨᠡ ᠬᠡᠯᠡᠯᠭᠡ ᠪᠤᠯ ᠨᠢᠭᠡᠨ ᠭᠠᠵᠢᠭᠤ ᠤᠨᠤᠯ ᠪᠤᠯᠤᠨ᠎ᠠ᠃      

ᠦᠨᠳᠤᠰᠤᠨ ᠱᠠᠳᠤᠨ ᠤ ᠰᠤᠷᠭᠠᠭᠤᠯᠢ ᠨᠣᠭᠣᠳ ‍ᠤᠨ ᠰᠢᠯᠢᠳᠡᠭ ᠪᠠᠭᠰᠢ ᠪᠠᠨ ᠪᠢᠯᠸᠲ ᠢᠶᠠᠷ  ᠰᠤᠩᠭᠤᠬᠤ ᠡᠨᠡᠬᠦ ᠠᠷᠭ᠎ᠠ ᠬᠡᠯᠪᠡᠷᠢ ᠳ᠋ᠥ ᠮᠠᠰᠢ ᠤᠯᠠᠨ ᠠᠰᠠᠭᠤᠳᠠᠯ ᠤᠷᠤᠰᠢᠵᠦ ᠪᠠᠶᠢᠨ᠎ᠠ᠃ ᠵᠢᠱᠢᠶᠡᠯᠡᠵᠦ ᠬᠡᠯᠡᠬᠦ ᠳ᠋ᠥ᠂ ᠬᠦᠮᠤᠨ ᠤ ᠰᠢᠯᠲᠠᠭᠠᠯᠠᠬᠤ ᠬᠦᠴᠦᠨ ᠵᠥᠢᠯ ᠦᠩᠭᠡᠷᠡᠤ ᠶᠡᠬᠡ ᠪᠤᠯᠪᠠᠯ ᠠᠳᠠᠯᠢᠳᠬᠠᠨ ᠰᠢᠯᠭᠠᠷᠠᠭᠤᠯᠤᠭᠰᠠᠨ ᠦᠷ᠎ᠡ ᠳ᠋ᠦᠩ ‍ᠤᠨ ᠭᠤᠤᠯᠴᠢ ᠴᠢᠨᠠᠷ ‍ᠢ ᠬᠦᠨᠳᠤ ᠨᠤᠴᠢᠲᠡᠢ ᠨᠦᠯᠦᠭᠡᠯᠡᠨ᠎ᠡ᠃ ᠠᠳᠠᠯᠢᠳᠬᠠᠨ ᠰᠢᠯᠭᠠᠷᠠᠭᠤᠯᠤᠯᠲᠠ ᠨᠢ ᠭᠤᠤᠯᠴᠢ ᠴᠢᠨᠠᠷ ᠢᠶᠡᠨ ᠠᠯᠳᠠᠬᠤ ᠳ᠋ᠥ ᠬᠦᠷᠪᠡᠯ ᠡᠨᠡᠬᠦ ᠠᠳᠠᠯᠢᠳᠬᠠᠨ ᠰᠢᠯᠭᠠᠷᠠᠭᠤᠯᠤᠯᠲᠠ ᠳᠠᠷᠤᠢ ᠠᠴᠢ ᠬᠤᠯᠪᠤᠭᠳᠠᠯ ᠢᠶᠡᠨ ᠠᠯᠳᠠᠬᠤ ᠪᠤᠯᠤᠨ᠎ᠠ᠃ ᠳᠡᠭᠡᠭᠦᠯᠡᠷ ᠶᠠᠭᠠᠬᠢᠪᠠᠯ ᠰᠠᠶ᠋ᠢ ᠭᠤᠤᠯᠴᠢ ᠪᠤᠯᠵᠦ ᠴᠢᠳᠠᠬᠤ ᠪᠤᠢ᠂ ᠵᠤᠬᠢᠶᠠᠭᠴᠢ ᠶ᠋ᠢᠨ ᠦᠵᠡᠬᠦ ᠪᠠᠷ ᠰᠢᠯᠢᠳᠡᠭ ᠪᠠᠭᠰᠢ ᠶ᠋ᠢ ᠦᠨᠡᠯᠡᠬᠦ ᠪᠤᠯ ᠨᠢᠭᠡ ᠵᠥᠢᠯ ‍ᠤᠨ ᠲᠤᠰᠬᠠᠶᠢᠵᠢᠭᠰᠠᠨ ᠠᠵᠢᠯ ᠮᠥᠨ ᠪᠤᠯᠬᠤᠷ ᠪᠢᠯᠸᠲ ᠢᠶᠠᠷ ᠰᠤᠩᠭᠤᠬᠤ ᠠᠷᠭ᠎ᠠ ᠶ᠋ᠢ ᠡᠷᠬᠡᠪᠰᠢ ᠦᠭᠡᠶᠢᠰᠭᠡᠬᠦ ᠬᠡᠷᠡᠭᠲᠡᠢ᠃ ᠲᠤᠲᠤᠷᠬᠠᠢ ᠪᠠᠷᠢᠮᠵᠢᠶ᠎ᠠ ᠲᠠᠢ ᠮᠦᠷᠲᠡᠭᠡᠨ ᠦᠨᠡᠯᠡᠯᠲᠡ ᠶ᠋ᠢ ᠴᠢᠬᠤᠯᠠᠴᠢᠯᠠᠵᠦ᠂ ᠦᠨᠡᠯᠡᠭᠰᠡᠨ ᠲᠤᠲᠤᠷᠬᠠᠶᠢᠯᠠᠯᠲᠠ ᠬᠢᠵᠦ᠂ 《 ᠪᠢ ᠪᠢᠯᠸᠲ ᠢᠶᠡᠨ ᠦᠭᠭᠦᠪᠡᠯ ᠴᠢ ᠰᠠᠶᠢ ᠰᠢᠯᠢᠳᠡᠭ ᠪᠤᠯᠵᠦ᠂ ᠪᠢ ᠪᠢᠯᠸᠲ ᠢᠶᠡᠨ ᠦᠭᠭᠦ ᠦᠭᠡᠢ ᠪᠤᠯ ᠴᠢ ᠰᠢᠯᠢᠳᠡᠭ ᠪᠤᠯᠤᠶ᠎ᠠ ᠭᠡᠵᠦ ᠪᠤᠳᠤᠭᠰᠠᠨ ᠤ ᠬᠡᠷᠡᠭ ᠦᠭᠡᠢ 》 ᠭᠡᠬᠦ ᠡᠨᠡᠬᠦ ᠠᠰᠢᠭ ᠬᠦᠭᠡᠭᠡᠴᠡᠯᠳᠦᠭᠰᠡᠨ ᠮᠦᠷᠲᠡᠭᠡᠨ ᠭᠤᠤᠯᠴᠢ ᠪᠤᠰᠤ ᠬᠢᠳᠡᠯ ‍ᠢ ᠬᠤᠪᠢᠷᠠᠭᠤᠯᠬᠤ ᠬᠡᠷᠡᠭᠲᠡᠢ ᠪᠠᠶᠢᠨ᠎ᠠ᠃

ᠮᠠᠨ ᠤ ᠤᠯᠤᠰ ᠲᠤ ᠲᠤᠮᠳᠠᠳᠤ ᠪᠠᠭ᠎ᠠ ᠰᠤᠷᠭᠠᠭᠤᠯᠢ ᠶ᠋ᠢᠨ ᠪᠠᠭᠰᠢ 1000 ᠭᠠᠷᠤᠢ ᠲᠦᠮᠡ ᠪᠠᠶᠢᠳᠠᠭ᠃ ᠵᠤᠬᠢᠶᠠᠭᠴᠢ ᠶ᠋ᠢᠨ ᠦᠵᠡᠬᠦ ᠪᠠᠷ᠂ ᠠᠳᠠᠯᠢ ᠪᠤᠰᠤ ᠰᠢᠨᠵᠢ ᠴᠢᠨᠠᠷ ‍ᠤᠨ ᠰᠤᠷᠭᠠᠭᠤᠯᠢ ᠪᠠᠷ ᠨᠢ ᠲᠦᠷᠦᠯ ᠢᠯᠭᠠᠵᠦ᠂ ᠰᠢᠯᠢᠳᠡᠭ ᠪᠠᠭᠰᠢ ᠶ᠋ᠢᠨ ᠤᠯᠤᠰ ‍ᠤᠨ ᠪᠠᠷᠢᠮᠵᠢᠶ᠎ᠠ ᠲᠤᠭᠲᠠᠭᠠᠪᠠᠯ ᠵᠤᠬᠢᠨ᠎ᠠ᠃ ᠵᠢᠱᠢᠶᠡᠯᠡᠪᠡᠯ᠂ ᠰᠠᠭᠤᠷᠢ ᠰᠤᠷᠭᠠᠨ ᠬᠦᠮᠤᠵᠢᠯ ‍ᠤᠨ ᠬᠦᠷᠢᠶᠡᠨ ᠳ᠋ᠥ ᠠᠪᠴᠤ ᠬᠡᠯᠡᠪᠡᠯ᠂ ᠪᠠᠭ᠎ᠠ ᠰᠤᠷᠭᠠᠭᠤᠯᠢ᠂ ᠲᠤᠮᠳᠠᠳᠤ ᠰᠤᠷᠭᠠᠭᠤᠯᠢ᠂ ᠠᠵᠢᠯ ᠮᠡᠷᠭᠡᠵᠢᠯ ‍ᠤᠨ ᠲᠤᠮᠳᠠᠳᠤ ᠰᠤᠷᠭᠠᠭᠤᠯᠢ᠂ ᠤᠨᠴᠠᠭᠠᠢ ᠰᠤᠷᠭᠠᠭᠤᠯᠢ ᠶ᠋ᠢᠨ ᠰᠢᠯᠢᠳᠡᠭ ᠪᠠᠭᠰᠢ ᠶ᠋ᠢᠨ ᠤᠷᠤᠨ ᠨᠤᠲᠤᠭ ‍ᠤᠨ ᠪᠠᠷᠢᠮᠵᠢᠶ᠎ᠠ ᠪᠠ ᠤᠯᠤᠰ ‍ᠤᠨ ᠪᠠᠷᠢᠮᠵᠢᠶ᠎ᠠ ᠭᠡᠵᠦ ᠲᠦᠷᠦᠯ ᠬᠤᠪᠢᠶᠠᠨ ᠲᠤᠭᠲᠠᠭᠠᠵᠦ᠂ ᠦᠨᠡᠯᠡᠬᠦ ᠡᠷᠬᠡ ᠶ᠋ᠢ ᠰᠤᠷᠭᠠᠨ ᠬᠦᠮᠦᠵᠢᠯ ‍ᠤᠨ ᠵᠠᠰᠠᠭ ᠵᠠᠬᠢᠷᠭᠠᠨ ᠤ ᠬᠠᠮᠢᠶᠠᠷᠤᠯᠲᠠ ᠯᠤᠭ᠎ᠠ ᠬᠤᠯᠪᠤᠭᠳᠠᠯ ᠦᠭᠡᠢ ᠲᠤᠰᠬᠠᠢ ᠦᠨᠡᠯᠡᠯᠲᠡ ᠶ᠋ᠢᠨ ᠴᠢᠳᠠᠪᠤᠷᠢ ᠪᠦᠬᠦᠢ ᠭᠤᠷᠪᠠᠳᠤᠭᠠᠷ ᠡᠲᠡᠭᠡᠳ ᠲᠦ ᠲᠤᠰᠢᠶᠠᠨ ᠦᠭᠭᠦᠪᠡᠯ ᠵᠤᠬᠢᠨ᠎ᠠ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄