ᠠᠷᠢᠬᠢᠴᠢᠨ ᠦᠭᠡᠢ ᠴᠠᠭᠠᠨ ᠰᠠᠷ᠎ᠠ ᠠᠮᠤᠷ ᠠᠮᠤᠭᠤᠯᠠᠡᠭ

ᠤᠩᠰᠢᠭᠰᠠᠨ ᠤᠳᠠᠭ᠎ᠠ ᠄ 3041    ᠨᠡᠶᠢᠳᠡᠯᠡᠭᠰᠡᠨ ᠴᠠᠭ ᠄ 2017-02-13


ᠨᠡᠶᠢᠭᠡᠮ ᠬᠦᠭᠵᠢᠭᠡᠳ ᠠᠮᠢᠳᠤᠷᠠᠯ ᠤᠨ ᠬᠢᠷᠢ ᠲᠦᠪᠰᠢᠨ ᠨᠢᠭᠡ ᠬᠡᠮᠵᠢᠶᠠᠨ ᠳ᠋ᠤ ᠬᠦᠷᠦᠭᠰᠡᠨ ᠦᠨᠤᠳᠤᠷ ᠬᠦᠮᠦᠰ ᠤᠨ ᠠᠷᠢᠬᠢ ᠲᠡᠷᠡᠰᠤ ᠶ᠋ᠢ ᠤᠤᠭᠤᠵᠤ ᠡᠳ᠋ᠯᠡᠬᠦ ᠨᠢ ᠠᠶᠠᠨᠳᠠᠭᠠᠨ ᠪᠠᠭᠠᠰᠴᠤ᠂ ᠤᠯᠠᠩᠬᠢ ᠨᠢ ᠤᠬᠠᠮᠰᠠᠷ ᠲᠠᠢ ᠰᠠᠶᠢᠬᠠᠨ ᠤᠤᠭᠤᠵᠤ ᠡᠳ᠋ᠯᠡᠬᠦ ᠪᠤᠯᠵᠤ ᠪᠠᠶᠢᠭ᠎ᠠ ᠨᠢ ᠪᠠᠶᠠᠷᠯᠠᠭᠤᠰᠢᠳᠠᠢ ᠃      

ᠳᠡᠭᠡᠷ᠎ᠠ ᠵᠠᠭᠤᠨ ᠤ ᠶᠠᠷᠠᠭᠡᠳ ᠤᠨ ᠤ ᠦᠶ᠎ᠠ ᠳ᠋ᠤ ᠬᠦᠳᠡᠭᠡ ᠨᠤᠳᠤᠭ ᠲᠤ ᠠᠷᠢᠬᠢᠨ ᠰᠤᠶᠤᠯ ᠬᠦᠭᠵᠢᠭᠡᠳ ᠤᠷᠬᠢᠯ ᠳᠠᠭᠠᠨ ᠬᠦᠷᠴᠠᠢ ᠭᠡᠵᠤ ᠬᠡᠯᠡᠬᠦ ᠳ᠋ᠤ ᠳᠠᠮᠠᠢ ᠢᠯᠡᠬᠦᠳᠡᠬᠦ ᠦᠭᠡᠢ᠃ ᠶᠡᠬᠡ ᠪᠠᠭ᠎ᠠ ᠨᠠᠶᠢᠷ᠂ ᠤᠪᠤᠭ᠎ᠠ ᠤᠰᠤᠨ ᠤ ᠲᠠᠬᠢᠯᠭ᠎ᠠ ᠳᠡᠭᠡᠷ᠎ᠠ ᠰᠤᠭᠳᠤᠭᠤ ᠬᠦᠯᠴᠤᠬᠦᠤ ᠬᠦᠮᠦᠰ ᠵᠠᠬ᠎ᠠ ᠡᠴᠠ ᠪᠠᠨ ᠬᠠᠷᠠᠭᠳᠠᠵᠤ᠂ ᠵᠠᠷᠢᠮ ᠨᠢ ᠭᠡᠷᠡᠬᠦᠯ ᠵᠤᠳᠤᠭᠠᠨ ᠬᠢᠨ᠎ᠠ᠂ ᠵᠡᠷᠢᠮ ᠨᠢ ᠭᠡᠭᠡᠷ᠎ᠠ ᠭᠠᠳᠠᠨ᠎ᠠ ᠬᠡᠪᠳᠡᠵᠤ ᠪᠦᠮᠪᠤᠷᠢᠭᠡᠳ ᠴᠤᠬᠤᠮ ᠨᠢᠳᠤᠨ ᠤ ᠪᠤᠯᠠᠢ ᠪᠤᠯᠵᠤ ᠪᠠᠶᠢᠭᠰᠠᠨ ᠳ᠋ᠠ᠃ ᠨᠠᠩ ᠤᠷᠤᠭ ᠬᠤᠷᠢᠮ᠂ ᠵᠢᠯ ᠤᠷᠤᠬᠤ᠂ ᠴᠠᠭᠠᠨ ᠰᠠᠷ᠎ᠠ ᠪᠤᠯᠪᠠᠯ ᠭᠠᠷᠠᠭ᠂ ᠠᠷᠪᠠ ᠬᠤᠨᠤᠬ ᠢᠶᠠᠷ ᠨᠡᠷᠡᠭᠡᠳ ᠤᠤᠭᠤᠴᠢᠬᠠᠳᠠᠭ ᠬᠦᠮᠦᠰ ᠴᠢᠨᠢ ᠵᠠᠬ᠎ᠠ ᠡᠴᠠ ᠪᠠᠨ ᠪᠠᠶᠢᠭᠰᠠᠨ ᠳ᠋ᠠ᠃ ᠣᠶᠢᠷ᠎ᠠ ᠶ᠋ᠢᠨ ᠠᠷᠪᠠᠭᠠᠳ ᠵᠢᠯ ᠡᠴᠠ ᠬᠦᠳᠡᠭᠡ ᠨᠤᠳᠤᠭ ᠲᠤ ᠠᠷᠢᠬᠢᠴᠢᠨ ᠴᠦᠭᠡᠷᠡᠵᠤ᠂ ᠤᠷᠤᠭ ᠬᠤᠷᠢᠮ᠂ ᠨᠠᠰᠤᠨ ᠪᠠᠶᠠᠷ᠂ ᠴᠠᠭᠠᠨ ᠰᠠᠷ᠎ᠠ ᠪᠠᠷ ᠠᠷᠢᠬᠢ ᠤᠤᠭᠤᠵᠤ᠂ ᠬᠤᠨᠳᠠᠭ᠎ᠠ ᠪᠠᠷᠢᠳᠠᠭ ᠬᠦᠮᠦᠰ ᠲᠤᠭ᠎ᠠ ᠲᠠᠢ ᠬᠡᠳᠦᠭᠡᠨ ᠪᠤᠯᠵᠠᠢ᠃ ᠲᠤᠭ᠎ᠠ ᠲᠠᠢ ᠲᠡᠷᠡ ᠭᠡᠳᠦᠭᠡᠨ ᠨᠢ ᠴᠤ ᠨᠢᠭᠡ ᠴᠠᠭ ᠰᠠᠶᠢᠨ ᠤᠤᠭᠤᠪᠠᠯ ᠪᠦᠷ ᠵᠦᠭ ᠵᠦᠭ ᠲᠡᠭᠡᠨ ᠦᠪᠡᠷ ᠦᠪᠡᠷ ᠤᠨ ᠠᠵᠢᠯ ᠬᠢᠳᠡᠯ ᠢᠶᠡᠨ ᠭᠡᠳ ᠶᠠᠪᠤᠴᠢᠬᠠᠳᠠᠭ᠃ ᠦᠩᠭᠡᠷᠡᠭᠰᠡᠨ ᠤ ᠠᠳᠠᠯᠢ ᠬᠡᠳᠦᠨ ᠡᠳᠦᠷ ᠢᠶᠠᠷ ᠵᠠᠯᠭᠠᠵᠤ ᠤᠤᠭᠤᠳᠠᠭ ᠬᠦᠮᠦᠨ ᠬᠤᠪᠤᠷᠳᠠᠭᠰᠠᠨ ᠨᠢ ᠰᠠᠶᠢᠰᠢᠶᠠᠯᠲᠠᠢ᠃ ᠨᠡᠩ ᠦᠨᠤ ᠵᠢᠯ ᠤᠨ ᠴᠠᠭᠠᠨ ᠰᠠᠷ᠎ᠠ ᠲᠡᠭᠷᠢ ᠰᠠᠶᠢᠬᠠᠨ᠂ ᠴᠠᠰᠤ ᠪᠠᠭ᠎ᠠ ᠪᠤᠯᠬᠤ ᠪᠠᠷ ᠮᠠᠨ ᠤ ᠬᠢᠨ ᠳ᠋ᠤ ᠰᠢᠨᠡᠯᠡᠭᠡᠴᠢᠨ ᠤᠯᠠᠨ ᠲᠠᠢ᠃ ᠮᠤᠷᠢ ᠲᠠᠢ᠂ ᠮᠤᠲ᠋ᠤᠷ ᠲᠠᠢ᠂ ᠮᠠᠰᠢᠨ ᠲᠠᠢ ᠭᠡᠳ ᠲᠠᠪᠢ ᠵᠢᠷᠠᠭᠠᠳ ᠰᠢᠨᠡᠯᠡᠭᠡᠴᠢᠨ ᠤ ᠲᠤᠳᠤᠷ᠎ᠠ ᠰᠤᠭᠳᠤᠭᠤ ᠶ᠋ᠢ ᠪᠤᠤ ᠬᠡᠯᠡ᠂ ᠨᠢᠭᠡ ᠬᠠᠯᠠᠰᠠᠭᠤ ᠬᠦᠮᠦᠨ ᠴᠤ ᠪᠠᠶᠢᠬᠤ ᠦᠭᠡᠢ ᠪᠠᠶᠢᠯ᠎ᠠ᠃


   


ᠤᠯᠠᠩᠬᠢ ᠨᠢ ᠤᠮᠳᠠᠭᠠᠨ ᠭᠤᠤᠯᠳᠠᠭᠤ ᠤᠤᠭᠤᠴᠢᠬᠠᠭᠰᠠᠨ ᠵᠤᠭᠤᠭ ᠳᠡᠯᠭᠡᠨ᠄ 《 ᠤᠳᠤ ᠶ᠋ᠢᠨ ᠠᠷᠢᠬᠢ ᠭᠷᠡᠳᠦᠢᠰ ᠲᠤᠤᠷ᠎ᠠ ᠡᠴᠠ ᠪᠤᠯᠪᠠ ‍ᠤᠤ᠂ ᠪᠢᠳᠡ ᠴᠢᠨᠢ ᠨᠢᠭᠡ ᠤᠤᠭᠤᠪᠠᠯ ᠮᠡᠳᠡᠬᠦ ᠲᠠᠢ ᠦᠭᠡᠢ ᠲᠠᠢ ᠬᠡᠳᠦᠨ ᠯᠤᠩᠬᠤ ᠪᠠᠷ ᠤᠤᠭᠤᠴᠢᠬᠠᠨ᠎ᠠ᠂ ᠴᠢᠩᠬᠢᠭᠡᠳ ᠰᠡᠷᠬᠦᠬᠦ ᠪᠠᠷ ᠲᠡᠷᠡ ᠪᠡᠶ᠎ᠠ ᠵᠤᠪᠠᠨ᠎ᠠ ᠭᠡᠳᠡᠭ᠂ ᠠᠷᠢᠬᠢᠨ ᠤ ᠦᠨᠤᠷ ᠬᠡᠳᠦᠨ ᠡᠳᠦᠷ ᠪᠠᠶ᠎ᠠ ᠡᠴᠠ ᠰᠠᠯᠬᠤ ᠦᠭᠡᠢ᠂ ᠪᠢᠳᠡ ᠶᠠᠮᠠᠷ ᠬᠦᠮᠦᠨ ᠲᠠᠢ ᠠᠳᠠᠯᠢ ᠠᠷᠢᠬᠢ ᠶ᠋ᠢ ᠴᠠᠭ ᠴᠠᠭ ᠤᠨ ᠬᠤᠭᠤᠯᠠᠨ ᠳᠠᠭᠠᠨ ᠬᠡᠮᠵᠢᠶ᠎ᠠ ᠲᠠᠢ ᠤᠤᠭᠤᠵᠤ ᠡᠳ᠋ᠯᠡᠵᠤ ᠴᠢᠳᠠᠬᠤ ᠪᠢᠰᠢ ᠳ᠋ᠠ᠂ ᠤᠤᠭᠤᠬᠤ ᠦᠭᠡᠢ ᠪᠤᠯ ᠤᠤᠭᠤᠬᠤ ᠦᠭᠡᠢ ᠡᠴᠠ ᠪᠢᠰᠢ᠂ ᠨᠢᠭᠡ ᠤᠤᠭᠤᠭᠠᠳ ᠡᠬᠢᠯᠡᠭᠰᠡᠭᠡᠷ ᠶᠠᠭᠤ ᠴᠤ ᠮᠡᠳᠡᠬᠦ ᠦᠭᠡᠢ ᠪᠤᠯᠵᠤ᠂ ᠲᠤᠩᠬᠤ ᠳᠠᠭᠠᠨ ᠲᠤᠯᠤᠭᠠᠳ ᠰᠠᠶ᠋ᠢ ᠵᠤᠭᠰᠤᠳᠠᠭ ᠤᠯᠤᠰ᠂ ᠠᠷᠢᠬᠢ ᠤᠤᠭᠤᠬᠤ ᠪᠠᠨ ᠡᠷᠳᠡᠭᠡᠨ ᠪᠠᠢᠭᠰᠠᠨ ᠳᠠᠭᠠᠨ ᠳᠡᠭᠡᠷ᠎ᠠ 》 ᠭᠡᠵᠤ ᠢᠢᠨᠬᠦ ᠤᠤᠭᠤᠵᠤ ᠡᠳ᠋ᠯᠡᠵᠤ ᠪᠠᠶᠢᠭᠰᠠᠨ ᠨᠢᠭᠡ ᠨᠢ ᠦᠪᠡᠷ ᠤᠨ ᠦᠩᠭᠡᠷᠡᠯᠳᠡ ᠡᠴᠠ ᠪᠠᠨ ᠰᠤᠷᠭᠠᠮᠵᠢ ᠠᠪᠤᠭᠰᠠᠨ ᠢᠶᠡᠨ ᠪᠤᠰᠤᠳ ᠲᠠᠭᠠᠨ ᠶᠠᠷᠢᠵᠤ ᠠᠷᠢᠬᠢᠨ ᠤ ᠬᠤᠤᠷ ᠢ ᠶᠠᠷᠢᠵᠤ ᠰᠠᠷᠠᠮᠵᠢᠯᠡᠬᠦᠯᠦᠨ᠎ᠠ᠃ ᠬᠠᠶᠠ ᠵᠠᠷᠢᠮ ᠨᠢ᠄ 《 ᠮᠠᠨ ᠤ ᠭᠡᠨ ᠭᠡᠨ ᠲᠡᠭᠡᠵᠤ ᠠᠷᠪᠠ ᠬᠤᠨᠤᠭ ᠬᠠᠭᠠᠰ ᠰᠠᠷ᠎ᠠ ᠪᠠᠷ ᠠᠷᠢᠬᠢ ᠤᠤᠭᠤᠵᠤ ᠪᠠᠢᠭᠠᠳ ᠵᠠᠪ ᠵᠠᠯᠠᠭᠤ ᠪᠠᠷ ᠢᠶᠡᠨ ᠶᠠᠪᠤᠴᠢᠬᠠᠯ᠎ᠠ᠂ ᠬᠡᠳᠦᠢ ᠬᠠᠶᠢᠷᠠᠨ ᠬᠦᠮᠦᠨ ᠪᠤᠢ᠂ ᠨᠡᠩ ᠤᠳᠤ ᠶ᠋ᠢᠨ ᠮᠠᠰᠢᠨᠴᠢᠯᠠᠭᠰᠠᠨ ᠴᠠᠭ ᠦᠶ᠎ᠠ ᠳ᠋ᠤ ᠠᠷᠢᠬᠢ ᠤᠤᠭᠤᠴᠢᠬᠠᠭᠠᠳ ᠲᠡᠷᠭᠡ ᠮᠠᠰᠢᠨ ᠵᠢᠯᠤᠭᠤᠳᠤᠭᠠᠳ ᠬᠡᠳᠦᠢ ᠤᠰᠤᠯ ᠡᠡᠳᠡᠯ ᠭᠠᠷᠴᠤ ᠪᠠᠢᠬᠤ ᠦᠭᠡᠢ ᠪᠤᠢ ᠁ 》 ᠭᠡᠵᠤ ᠬᠠᠷᠠᠮᠰᠠᠨ ᠶᠠᠷᠢᠵᠤ ᠪᠠᠶᠢᠭᠰᠠᠨ ᠢ ᠰᠤᠨᠤᠰᠬᠤ ᠡᠴᠠ ᠬᠦᠳᠡᠭᠡᠨ ᠤ ᠬᠦᠮᠦᠰ ᠠᠷᠢᠬᠢ ᠶ᠋ᠢ ᠭᠡᠷᠬᠢᠨ ᠡᠳ᠋ᠯᠡᠬᠦ ᠲᠤᠬᠠᠢ ᠲᠠᠨᠢᠯᠳᠠ ᠬᠦᠢᠴᠡᠳ ᠪᠤᠯᠤᠭᠰᠠᠨ ᠢ ᠬᠠᠷᠠᠭᠤᠯᠵᠤ ᠪᠠᠶᠢᠨ᠎ᠠ᠃       

ᠡᠨᠡ ᠴᠠᠭᠠᠨ ᠰᠠᠷ᠎ᠠ ᠮᠠᠨ ᠤ ᠬᠢᠨ ᠠᠷᠢᠬᠢᠴᠢᠨ ᠦᠭᠡᠢ ᠰᠠᠶᠢᠬᠠᠨ ᠰᠢᠨᠡᠯᠡᠪᠠ᠃ ᠬᠦᠳᠡᠭᠡ ᠶ᠋ᠢᠨ ᠬᠦᠮᠦᠰ ᠮᠢᠨᠢ ᠠᠷᠢᠬᠢ ᠦᠭᠡᠢ ᠡᠷᠡᠬᠦᠯ ᠠᠮᠢᠳᠤᠷᠠᠯ ᠢ ᠴᠤᠭᠴᠠᠯᠠᠵᠤ ᠶᠠᠪᠤᠭ᠎ᠠ ᠨᠢ ᠶᠠᠭᠤᠳᠠᠢ ᠰᠠᠶᠢᠬᠠᠨ ᠪᠠᠶᠢᠯ᠎ᠠ᠃

ᠢᠷᠡᠯᠳᠡ᠄ ᠰᠢᠯᠢ ᠶᠢᠨ ᠭᠣᠣᠯ ᠮᠣᠩᠭᠣᠯ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ