ᠴᠢᠩᠬᠢᠰ ᠬᠠᠭᠠᠨ ᠢ ᠦᠨᠡᠯᠡᠭᠰᠡᠨ ᠨᠢ
ᠤᠩᠰᠢᠭᠰᠠᠨ ᠤᠳᠠᠭ᠎ᠠ ᠄ 1903 ᠨᠡᠶᠢᠳᠡᠯᠡᠭᠰᠡᠨ ᠴᠠᠭ ᠄ 2017-02-13
ᠮᠠᠷᠺᠰ᠄ ᠴᠢᠩᠬᠢᠰ ᠬᠠᠭᠠᠨ ᠠᠭᠲᠠ ᠶ᠋ᠢᠨ ᠨᠢᠷᠤᠭᠤᠨ ᠳ᠋ᠤ ᠮᠤᠩᠭᠤᠯ ᠢ ᠨᠢᠭᠡᠳᠭᠡᠵᠤ ᠳᠤᠮᠳᠠᠳᠤ ᠤᠯᠤᠰ ᠤᠨ ᠨᠢᠭᠡᠳᠤᠯ ᠤᠨ ᠲᠦᠯᠦᠭᠡ ᠳᠠᠶᠢᠳᠤᠵᠤ᠂ ᠡᠪᠦᠭᠡ ᠠᠴᠢ ᠭᠤᠷᠪᠠᠨ ᠦᠶ᠎ᠡ ᠪᠡᠷ ᠢᠶᠡᠨ 67 ᠵᠢᠯ ᠳᠠᠶᠢᠯᠠᠨ ᠳᠠᠭᠠᠭᠤᠯᠤᠯᠲᠠ ᠶᠠᠪᠤᠭᠤᠯᠵᠤ ᠨᠡᠶᠢᠳᠠ 720 ᠭᠠᠷᠤᠢ ᠤᠯᠤᠰ ᠠᠶᠢᠮᠠᠭ ᠢ ᠵᠢᠯᠤᠭᠤ ᠳ᠋ᠥ ᠪᠠᠨ ᠡᠪᠬᠡᠭᠡᠵᠠᠢ᠂ ᠭᠠᠶᠢᠬᠠᠮᠰᠢᠭᠲᠠᠢ᠃
ᠡᠩᠸᠯᠰ᠄ ᠴᠢᠩᠭᠢᠰ ᠬᠠᠭᠠᠨ ᠳᠤᠮᠲᠠᠲᠤ ᠵᠠᠭᠤᠨ ᠤ ᠦᠷᠦᠨ᠎ᠡ ᠶ᠋ᠢᠨ ᠤᠯᠤᠰ ᠤᠳ ᠤᠨ ᠵᠢᠷᠦᠬᠡ ᠶ᠋ᠢ ᠨᠢ ᠭᠠᠷ ᠲᠤᠨᠢ ᠪᠠᠷᠢᠭᠤᠯᠤᠭᠰᠠᠨ ᠁
ᠨᠠᠫᠤᠯᠢᠶᠤᠨ᠄ ᠴᠢᠩᠭᠢᠰ ᠬᠠᠭᠠᠨ ᠨᠠᠳᠠ ᠡᠴᠨ ᠨᠡᠩ ᠬᠦᠴᠦᠷᠭᠡᠭ᠂ ᠲᠡᠭᠦᠨ ᠤ ᠳᠦᠷᠪᠡᠨ ᠬᠦᠯᠦᠭ ᠤᠨ ᠦᠨᠡᠨᠴᠢ ᠰᠢᠳᠤᠷᠭᠤ ᠨᠢ ᠭᠠᠶᠢᠬᠠᠮᠠᠷ ᠶᠤᠮ᠂ ᠨᠠᠳᠠ ᠳ᠋ᠤ ᠲᠡᠶᠢᠮᠤ ᠠᠵᠨ ᠪᠠᠶᠢᠵᠤ ᠴᠢᠳᠠᠭ᠎ᠠ ᠦᠭᠡᠢ᠃
ᠰᠦᠨ ᠵᠦᠩ ᠱᠠᠨ᠄ ᠲᠡᠤᠬᠡ ᠶ᠋ᠢ ᠠᠵᠢᠬᠤᠯ᠎ᠠ ᠴᠢᠩᠬᠢᠰ ᠬᠠᠭᠠᠨ ᠤ ᠴᠠᠭ ᠦᠶ᠎ᠡ ᠳᠤᠮᠳᠠᠳᠤ ᠤᠯᠤᠰ ᠤᠨ ᠬᠠᠮᠤᠭ ᠤᠨ ᠮᠠᠨᠳᠤᠭᠰᠠᠨ ᠦᠶ᠎ᠡ ᠡᠴᠨ ᠴᠤ ᠨᠡᠩ ᠬᠦᠴᠦᠷᠬᠡᠭ᠂ ᠨᠡᠩ ᠠᠭᠤᠤ ᠪᠠᠶᠢᠭᠰᠠᠨ ᠁
ᠮᠠᠤ ᠽᠸ ᠳ᠋ᠦᠩ᠄ ᠴᠢᠩᠬᠢᠰ ᠬᠠᠭᠠᠨ ᠤ ᠦᠶ᠎ᠡ ᠶ᠋ᠢᠨ ᠦᠷ᠎ᠡ ᠪᠦᠲᠦᠮᠵᠢ ᠶ᠋ᠢ ᠬᠠᠳᠠᠭᠠᠯᠠᠬᠤ ᠬᠡᠷᠡᠭᠲᠠᠢ᠃
ᠵᠢᠨ ᠳ᠋ᠠ ᠵᠦᠩ ( ᠺᠣᠷᠢᠶᠠ ᠶ᠋ᠢᠨ ᠤᠤᠯ ᠤᠨ ᠶᠡᠷᠤᠩᠬᠡᠶᠢᠯᠡᠭᠴᠢ ) ᠄ ᠴᠢᠩᠬᠢᠰ ᠬᠠᠭᠠᠨ ᠪᠠᠶᠢᠭᠰᠠᠨ ᠡᠴᠨ ᠬᠠᠮᠤᠭ ᠠᠩᠬᠠᠨ ᠤ ᠳᠡᠯᠡᠬᠡᠢ ᠶ᠋ᠢᠨ ᠲᠡᠤᠬᠡ ᠪᠤᠢ ᠪᠤᠯᠤᠭᠰᠠᠨ ᠁ ᠢᠨᠲ᠋ᠸᠷ ᠰᠦᠯᠵᠢᠶ᠎ᠡ ᠭᠠᠷᠤᠭ᠎ᠠ ᠦᠭᠡᠢ ᠦᠶ᠎ᠡ ᠳ᠋ᠤ ᠮᠤᠩᠭᠤᠯ ᠬᠦᠮᠦᠨ ᠳᠡᠯᠡᠬᠡᠢ ᠶ᠋ᠢᠨ ᠤᠯᠤᠰ ᠤᠳ ᠢ ᠨᠡᠪᠲᠡᠷᠡᠭᠥᠯᠵᠤ ᠳᠡᠯᠡᠬᠡᠢ ᠶ᠋ᠢᠨ ᠬᠠᠷᠢᠴᠠᠭᠠᠨ ᠤ ᠰᠢᠨ᠎ᠡ ᠰᠢᠰᠲ᠋ᠸᠮ ᠢ ᠪᠠᠶᠢᠭᠤᠯᠪᠠ᠃
ᠨᠢᠾᠸᡀᠤ᠋ ( ᠡᠨᠡᠳᠬᠡᠭ ᠤᠨ ᠤᠤᠯ ᠤᠨ ᠶᠡᠷᠤᠩᠬᠡᠶᠢᠯᠡᠭᠴᠢ ) ᠄ ᠴᠢᠩᠬᠢᠰ ᠬᠠᠭᠠᠨ ᠤ ᠬᠤᠷᠴᠠ ᠮᠡᠷᠭᠡᠨ ᠪᠤᠳᠤᠯᠭ᠎ᠠ ᠮᠣᠩᠭᠣᠯᠴᠤᠳ ᠢ ᠳᠡᠯᠡᠬᠡᠢ ᠶ᠋ᠢᠨ ᠬᠠᠮᠤᠭ ᠤᠨ ᠠᠭᠤᠤ ᠶᠡᠬᠡ ᠢᠯᠠᠯᠳᠠ ᠨᠤᠭᠤᠳ ᠢ ᠤᠯᠬᠤ ᠳ᠋ᠤ ᠬᠦᠷᠭᠡᠵᠠᠢ᠃
ᠸᠠᠰᠢᠩᠲᠤᠨ ᠰᠢᠤᠳᠠᠨ ᠤ ᠰᠤᠨᠢᠨ᠄ ᠦᠷᠤᠨ᠎ᠡ ᠶ᠋ᠢᠨ ᠤᠯᠤᠰ ᠤᠳ ᠴᠢᠩᠬᠢᠰ ᠬᠠᠭᠠᠨ ᠢ《 ᠲᠡᠭᠷᠢ ᠶ᠋ᠢᠨ ᠲᠠᠰᠢᠭᠤᠷ 》ᠬᠡᠮᠡᠵᠠᠢ᠃ ᠲᠡᠷᠨ ᠪᠤᠯ ᠨᠡᠷ᠎ᠡ ᠨᠢᠳᠡᠷ ᠲᠡᠭᠡᠨ ᠲᠡᠩᠴᠡᠭᠰᠡᠨ《 ᠬᠦᠮᠦᠨ ᠲᠦᠷᠦᠯᠬᠢᠳᠡᠨ ᠤ ᠬᠠᠭᠠᠨ 》᠂ ᠳᠡᠯᠡᠬᠡᠢ ᠶ᠋ᠢᠨ ᠬᠦᠭᠵᠢᠯᠲᠡ᠂ ᠬᠦᠮᠦᠰ ᠤᠨ ᠶᠢᠷᠲᠢᠨᠴᠤ ᠶ᠋ᠢ ᠦᠵᠡᠬᠦ ᠦᠵᠡᠯ ᠲᠡᠭᠦᠨ ᠤ ᠨᠦᠯᠦᠭᠡ ᠪᠡᠷ ᠳᠡᠭᠡᠭᠰᠢᠯᠡᠵᠠᠢ᠃
ᠠᠮᠸᠷᠢᠺᠠ ᠶ᠋ᠢᠨ ᠰᠤᠨᠢᠨ ᠮᠡᠳᠡᠭᠡᠯᠡᠯ ᠤᠨ ᠬᠢᠨ᠄ ᠴᠢᠩᠬᠢᠰ ᠬᠠᠭᠠᠨ ᠁ ᠮᠢᠩᠭᠠᠨ ᠵᠢᠯ ᠤᠨ ᠲᠡᠤᠬᠡᠨ ᠬᠦᠮᠦᠨ᠂ ᠦᠩᠭᠡᠷᠡᠭᠰᠡᠨ ᠵᠠᠭᠤᠨ ᠤ ᠬᠠᠮᠤᠭ ᠪᠠᠶᠠᠨ ᠬᠦᠮᠦᠨ᠂ ᠲᠡᠯᠡᠬᠡᠢ ᠶ᠋ᠢ ᠬᠠᠮᠤᠭ ᠶᠡᠬᠡ ᠨᠦᠯᠦᠭᠡᠯᠡᠭᠰᠡᠨ ᠬᠦᠮᠦᠨ᠂ 20 ᠳ᠋ᠤᠭᠠᠷ ᠵᠠᠭᠤᠨ ᠤ ᠬᠠᠮᠤᠭ ᠤᠨ ᠠᠭᠤᠤ ᠬᠦᠮᠦᠨ᠃