ᠤᠶᠡᠩᠭ᠎ᠠ ᠶᠢᠨ ᠲᠤᠯᠤᠭᠠᠨ ᠡᠭᠡᠰᠢᠭ ᠤᠨ ᠤᠷᠡᠨ ᠪᠦᠳᠦᠭᠡᠯᠴᠢ ᠷᠢᠨᠴᠢᠡᠨᠤᠷᠪᠤ
ᠤᠩᠰᠢᠭᠰᠠᠨ ᠤᠳᠠᠭ᠎ᠠ ᠄ 2016 ᠨᠡᠶᠢᠳᠡᠯᠡᠭᠰᠡᠨ ᠴᠠᠭ ᠄ 2017-02-09
ᠰᠢᠨ᠎ᠠ ᠵᠢᠯ ᠤᠨ ᠬᠥᠰᠢᠭᠡ ᠪᠡᠯᠬᠡ ᠲᠠᠮᠪᠡᠷᠡᠯ ᠲᠠᠢ ᠢᠷᠡᠬᠳᠡᠬᠤ ᠶᠢᠨ ᠲᠠᠰᠢᠷᠡᠮ ᠳᠤ᠂ ᠦᠪᠤᠷ ᠮᠤᠩᠭᠤᠯ ᠤᠨ ᠤᠤᠠᠬ᠎ᠠ ᠤᠷᠡᠯᠢᠬ ᠤᠨ ᠲᠠᠪᠴᠡᠩ ᠳᠤ 《 ᠭᠤᠪᠢ ᠶᠢᠨ ᠤᠯᠠᠭᠠᠨ 》 ᠬᠡᠰᠡᠨ ᠮᠤᠩᠭᠤᠯ ᠲᠠᠭᠤᠤ ᠶᠢᠨ ᠡᠪᠬᠡᠷᠡᠬᠦᠨ᠂ ᠴᠡᠬᠡᠯᠬᠡᠨ ᠡᠬᠡᠰᠢᠭ᠂ ᠤᠷᠡᠨ ᠨᠤᠭᠤᠯᠠᠭᠠᠳᠤ ᠠᠶᠡᠯᠭᠤ ᠤᠯᠡᠨ ᠠᠶ᠎ᠠ ᠵᠤᠬᠢᠶᠡᠬᠴᠢ ᠶᠢ ᠢᠯᠡᠵᠤ᠂ ᠮᠠᠩᠯᠡᠢ ᠰᠠᠭᠤᠳᠡᠯ ᠳᠤ ᠰᠠᠭᠠᠳᠡᠵᠤ᠂ ᠬᠦᠬᠡᠬᠤᠳᠡ ᠶᠢᠨ ᠠᠷᠪᠡᠳᠤᠭᠠᠷ ᠬᠤᠭᠤᠴᠠᠭᠠᠨ ᠤ 《5.1》 ᠢᠡᠵᠧᠨᠧᠷᠢᠩ ᠤᠨ ᠱᠡᠩᠨᠡᠯ ᠢ ᠬᠦᠷᠳᠡᠭᠰᠡᠨ ᠬᠠᠮᠤᠬ ᠰᠠᠶᠢᠨ ᠴᠢᠮᠡᠭᠡ ᠲᠤᠭᠤᠯᠳᠠᠪᠡ᠃
ᠨᠢᠳᠤᠨᠤᠨ ᠵᠢᠯ 《 ᠭᠤᠪᠢ ᠶᠢᠨ ᠤᠯᠠᠭᠠᠨ 》 ᠬᠡᠰᠡᠨ ᠮᠤᠩᠭᠤᠯ ᠲᠠᠭᠤᠤ ᠬᠤᠯᠪᠤᠭᠠᠨ ᠲᠡᠬᠡᠷ᠎ᠠ ᠶᠡᠭᠡ ᠦᠷᠨᠢᠯᠳᠡ ᠲᠠᠢ ᠪᠤᠯᠤᠬᠰᠡᠨ ᠮᠦᠷᠳᠡᠬᠡᠨ ᠲᠠᠷᠤᠮ ᠤᠨ ᠲᠤᠭ᠎ᠠ ᠨᠢ 60 ᠲᠦᠮᠨ ᠳᠤ ᠬᠦᠷᠦᠭᠰᠡᠨ ᠨᠢ ᠮᠢᠨᠤ ᠠᠩᠬᠠᠷᠤᠯ ᠢ ᠲᠡᠳᠡᠵᠤ ᠠᠶ᠎ᠠ ᠵᠤᠬᠢᠶᠡᠬᠴᠢ ᠷᠢᠡᠴᠢᠡᠨᠤᠷᠪᠤ ᠪᠠᠭᠰᠢ ᠲᠠᠢ ᠲᠠᠨᠢᠯᠴᠠᠵᠤ ᠰᠤᠷᠪᠤᠯᠵᠢᠯᠠᠭ᠎ᠠ ᠪᠠᠨ ᠡᠬᠢᠯᠡᠬᠦᠯᠦᠭᠰᠡᠨ ᠪᠢᠯᠨ᠃
ᠠᠯᠳᠡᠷᠳᠤ ᠲᠠᠭᠤᠴᠢᠨ ᠴᠢ ᠹᠸᠡᠭ ᠤᠨ ᠲᠠᠭᠤᠤ ᠶᠢ ᠰᠤᠨᠤᠰᠤᠬᠰᠡᠨ ᠪᠤᠯᠭᠠᠨ ᠮᠤᠩᠭᠤᠯ ᠠᠶ᠎ᠠ ᠵᠤᠬᠢᠶᠡᠬᠴᠢ ᠷᠢᠡᠴᠢᠡᠨᠤᠷᠪᠤ ᠶᠢ ᠮᠡᠳᠡᠬᠦ ᠶᠤᠰᠤᠳᠡᠢ᠃ ᠴᠢ ᠹᠸᠡᠭ ᠤᠨ ᠲᠠᠭᠤᠯᠠᠬᠰᠡᠨ 《 ᠴᠢᠩᠬᠢᠰ ᠬᠠᠭᠠᠨ ᠬᠠᠮᠢᠭ᠎ᠠ ᠪᠠᠶᠢᠭ᠎ᠠ ᠪᠤᠯ 》᠂ 《 ᠬᠦᠬᠡ ᠬᠠᠳᠠᠬ 》᠂ 《 ᠰᠠᠷᠠᠩᠭᠤᠸ᠎ᠠ 》 ᠵᠡᠷᠬᠡ ᠭᠤᠶᠤ ᠰᠠᠶᠢᠬᠠᠨ ᠮᠤᠩᠭᠤᠯ ᠦᠨᠤᠷ ᠠᠮᠳᠡ ᠲᠠᠢ ᠲᠠᠭᠤᠤ ᠪᠦᠷ ᠲᠡᠬᠦᠨ ᠤ ᠭᠠᠷ ᠠᠴᠠ ᠤᠠᠳᠠᠷᠠᠬᠰᠠᠨ ᠶᠤᠮᠰᠠᠨ᠃ ᠶᠡᠷᠢᠯᠴᠠᠭᠠᠨ ᠤ ᠲᠤᠮᠳᠡ ᠠᠴᠠ ᠷᠢᠡᠴᠢᠡᠨᠤᠷᠪᠤ ᠪᠠᠭᠰᠢ ᠪᠤᠯ ᠪᠡᠶᠡᠡᠨᠡᠭᠤᠷ ᠠᠶᠢᠮᠠᠬ ᠤᠨ ᠤᠷᠡᠳ ᠤᠨ ᠲᠤᠮᠳᠡᠳᠤ ᠬᠤᠰᠢᠭᠤᠨ ᠤ ᠬᠦᠮᠤᠨ ᠬᠡᠰᠡᠨ ᠢ ᠤᠶᠢᠯᠠᠭᠠᠵᠤ᠂ ᠠᠷᠤᠬ ᠡᠬᠦᠷᠦᠭᠰᠡᠨ ᠮᠠᠯᠴᠢᠨ ᠡᠵᠢ ᠶᠢᠨ ᠬᠠᠯᠠᠭᠤᠨ ᠡᠪᠤᠷ ᠲᠤ ᠦᠰᠴᠤ᠂ ᠠᠴᠢᠶ᠎ᠠ ᠮᠦᠷᠤᠯᠡᠭᠰᠡᠨ ᠬᠦᠳᠡᠯᠮᠤᠷᠢᠴᠢᠨ ᠠᠪᠤ ᠶᠢᠨ ᠠᠴᠢ ᠪᠠᠷ ᠰᠤᠶᠤᠯ ᠤᠨ ᠮᠦᠷ ᠬᠦᠬᠡᠬᠡᠵᠤ᠂ 1972 ᠤᠨ ᠳᠤ ᠤᠷᠡᠳ ᠤᠨ ᠲᠤᠮᠳᠡᠳᠤ ᠬᠤᠰᠢᠭᠤᠨ ᠤ ᠨᠢᠬᠡᠳᠤᠬᠡᠷ ᠰᠤᠷᠭᠠᠭᠤᠯᠢ ᠳᠤ ᠪᠢᠴᠢᠭ ᠦᠵᠡᠵᠤ᠂ 1978 ᠤᠨ ᠳᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠡᠯᠢᠬ ᠤᠨ ᠰᠠᠯᠪᠤᠷᠢ ᠳᠤ ᠰᠢᠯᠭᠠᠬᠳᠡᠨ ᠤᠷᠤᠵᠤ᠂ 1982 ᠤᠨ ᠳᠤ ᠰᠤᠷᠭᠠᠭᠤᠯᠢ ᠠᠴᠠ ᠪᠠᠨ ᠲᠡᠬᠦᠰᠴᠤ᠂ ᠬᠦᠬᠡᠬᠤᠳᠡ ᠶᠢᠨ 29 ᠳ᠋ᠤᠭᠡᠷ ᠲᠤᠮᠳᠡᠳᠤ ᠰᠤᠷᠭᠠᠭᠤᠯᠢ ᠳᠤ ᠲᠠᠭᠤᠤ ᠶᠢᠨ ᠪᠠᠭᠰᠢ ᠪᠠᠷ ᠠᠵᠢᠯᠯᠡᠵᠤ᠂ ᠤᠳᠤ ᠨᠢᠬᠡᠨᠳᠡ ᠠᠵᠢᠯ ᠠᠴᠠ ᠪᠠᠨ ᠠᠮᠠᠷᠠᠬᠰᠨᠨ ᠪᠠᠶᠢᠨ᠎ᠠ᠃ ᠤᠯᠡᠨ ᠵᠢᠯ ᠤᠨ ᠲᠤᠷᠰᠢ᠂ ᠠᠯᠢ ᠤᠯᠡᠨ ᠰᠠᠶᠢᠬᠠᠨ ᠲᠠᠭᠤᠤ ᠵᠤᠬᠢᠶᠡᠵᠤ ᠠᠷᠪᠢᠨ ᠲᠠᠭᠤᠴᠢᠨ ᠤ ᠠᠩᠬᠠᠷᠤᠯ ᠢ ᠲᠠᠳᠡᠬᠰᠡᠨ ᠶᠤᠮ᠂ ᠲᠡᠬᠦᠨ ᠤ ᠬᠠᠮᠳᠤᠷᠡᠬᠰᠡᠨ ᠬᠦᠮᠤᠰ ᠠᠯᠳᠡᠷᠳᠤ ᠲᠠᠭᠤᠴᠢᠨ ᠴᠢ ᠹᠸᠡᠭ᠂ 《 ᠨᠤᠮᠤ ᠰᠤᠮᠤ ᠬᠠᠮᠳᠤᠯᠢᠬ 》᠂ ᠲᠠᠭᠤᠴᠢᠨ ᠬᠠᠨ ᠹᠸᠡᠭ᠂ ᠭᠠᠷᠤᠳᠢ ᠵᠡᠷᠬᠡ ᠪᠤᠢ᠃
ᠷᠢᠡᠴᠢᠡᠨᠤᠷᠪᠤ ᠪᠤᠯᠤᠨ ᠲᠠᠭᠤᠴᠢᠨ ᠴᠢ ᠹᠧᠩ
ᠲᠡ ᠶᠡᠭᠠᠬᠢᠭᠠᠳ ᠠᠶ᠎ᠠ ᠲᠠᠭᠤᠤ ᠳᠤ ᠡᠶᠢᠮᠦ ᠲᠤᠷ᠎ᠠ ᠪᠠᠬ᠎ᠠ ᠲᠠᠢ ᠪᠤᠢ᠂ ᠬᠡᠬᠦ ᠳᠤ ᠴᠤᠬᠤᠮ ᠲᠦᠬᠦᠮ ᠮᠦᠷᠳᠡᠬᠡᠨ ᠤᠨᠤᠪᠴᠢᠳᠡᠢ ᠬᠠᠷᠢᠭᠤᠯᠤᠬᠰᠡᠨ ᠪᠢᠯᠨ᠂ ᠤᠷᠢᠳᠤ ᠲᠦᠷᠤᠯ ᠤᠨ ᠲᠠᠪᠢᠯᠡᠩ ᠶᠤᠮ ᠤᠤ᠂ ᠡᠨᠡ ᠨᠠᠰᠤᠨ ᠤ ᠬᠤᠪᠢ ᠵᠡᠶᠠᠭᠠ ᠶᠤᠮ ᠤᠤ ᠪᠤᠤ ᠮᠡᠳᠡ᠂ ᠮᠤᠩᠭᠤᠯ ᠠᠶ᠎ᠠ ᠲᠠᠭᠤᠤ ᠠᠴᠠ ᠰᠠᠯᠪᠡᠯ ᠮᠢᠨᠤ ᠠᠮᠢᠳᠤᠷᠡᠯ ᠬᠤᠭᠤᠰᠤᠷᠠᠬᠤ ᠨᠢ ᠲᠠᠷᠨ ᠬᠡᠪᠡ᠃ ᠲᠡᠷᠨ ᠮᠦᠡᠬᠦ ᠮᠤᠩᠭᠤᠯ ᠠᠮᠢᠳᠤᠷᠡᠯ ᠳᠠᠭᠠᠨ ᠬᠠᠶᠢᠷᠡᠳᠡᠢ ᠬᠦᠮᠤᠨ᠂ ᠲᠡᠬᠦᠨ ᠤ ᠬᠡᠯᠡᠬᠦ ᠪᠠᠷ ᠮᠤᠩᠭᠤᠯ ᠤᠷᠡᠯᠢᠬ ᠪᠤᠯ ᠤᠬᠢ ᠱᠦᠯᠳᠤ᠂ ᠲᠡᠯᠡᠬᠡᠢ ᠤᠷᠡᠯᠢᠬ ᠲᠠᠢ ᠵᠡᠷᠬᠡᠴᠡᠵᠤ ᠪᠤᠯᠤᠮᠡᠷ ᠮᠦᠡᠭᠬᠡ ᠶᠢᠨ ᠤᠷᠡᠯᠢᠬ᠂ ᠪᠢ ᠪᠤᠯ ᠮᠤᠩᠭᠤᠯ ᠤᠷᠡᠯᠢᠬ ᠤᠨ ᠲᠦᠯᠦᠬᠡ ᠠᠮᠢᠳᠤᠷᠡᠵᠤ᠂ ᠲᠤᠷᠡᠳᠡ᠊ ᠡᠶ᠎ᠡ ᠲᠡᠬᠦᠨ ᠲᠠᠢ ᠠᠮᠢ ᠨᠠᠰᠤ ᠪᠠᠨ ᠬᠤᠯᠪᠤᠨ᠎ᠠ ᠬᠡᠵᠤ ᠬᠡᠯᠡᠵᠤ ᠪᠠᠶᠢᠯ᠎ᠠ᠃ ᠡᠨᠡ ᠦᠬᠡ ᠬᠦᠨ ᠶᠤᠰᠤ ᠲᠠᠢ ᠦᠬᠡ ᠪᠢᠯᠨ᠃
ᠷᠢᠡᠴᠢᠡᠨᠤᠷᠪᠤ ᠪᠠᠭᠰᠢ ᠶᠢᠨ ᠬᠡᠯᠡᠬᠦ ᠪᠠᠷ ᠠᠶ᠎ᠠ ᠲᠠᠭᠤᠤ ᠪᠤᠯ ᠠᠮᠢᠳᠤᠷᠡᠯ ᠠᠴᠠ ᠢᠷᠡᠳᠡᠭ᠃ ᠪᠢ ᠮᠠᠯᠴᠢᠨ ᠠᠶᠢᠯ ᠳᠤ ᠲᠦᠷᠤᠵᠤ ᠦᠰᠦᠭᠰᠡᠨ ᠪᠤᠯᠬᠤᠷ ᠬᠦᠳᠡᠭᠡ ᠶᠢᠨ ᠠᠮᠢᠳᠤᠷᠡᠯ ᠢ ᠪᠦᠷᠢᠨ ᠰᠠᠶᠢᠨ ᠤᠶᠢᠯᠠᠭᠠᠬᠤ ᠮᠦᠷᠳᠡᠬᠡᠨ ᠲᠡᠷᠨ ᠦᠶ᠎ᠠ ᠳᠤ ᠲᠡᠮᠡᠭᠡ ᠠᠮᠢᠳᠤᠷᠡᠯ ᠳᠤ ᠴᠢᠬᠤᠯᠨ ᠵᠡᠮ ᠬᠠᠷᠢᠯᠴᠠᠭᠠᠨ ᠤ ᠪᠠᠭᠠᠵᠢ ᠪᠤᠯᠵᠤ ᠪᠠᠯᠴᠢᠷ ᠨᠠᠰᠤᠨ ᠳᠤ ᠰᠠᠶᠢᠨ ᠰᠠᠶᠢᠬᠠᠨ ᠲᠤᠷᠡᠳᠬᠠᠯ ᠦᠯᠡᠳᠡᠬᠡᠵᠤ ᠶᠡᠪᠤᠵᠤ ᠪᠠᠶᠢᠬᠰᠡᠨ ᠪᠢᠯᠨ᠂ ᠲᠡᠮᠡᠭᠡ ᠪᠤᠯ ᠡᠬᠡ ᠭᠠᠵᠡᠷ ᠤᠨ ᠡᠷᠳᠡᠨᠢ᠂ ᠡᠯᠡᠰᠤᠨ ᠨᠤᠳᠤᠬ ᠤᠨ ᠲᠦᠰᠢᠭ ᠰᠢᠤ᠃ ᠲᠠᠷᠨ ᠲᠤᠰ ᠲᠠᠭᠤᠤ ᠶᠢ ᠪᠢᠴᠢᠬᠦ ᠳᠤ ᠤᠯᠡᠨ ᠤᠳᠠᠭ᠎ᠠ ᠪᠠᠶᠡᠡᠨᠡᠭᠤᠷ ᠠᠶᠢᠮᠠᠬ ᠤᠨ ᠤᠷᠡᠳ ᠤᠨ ᠬᠤᠶᠢᠳᠤ ᠬᠤᠰᠢᠭᠤᠨ ᠳᠤ ᠬᠦᠷᠴᠤ᠂ ᠮᠠᠯᠴᠢᠳ ᠤᠨ ᠠᠮᠢᠳᠤᠷᠡᠯ ᠤᠨ ᠲᠤᠮᠳᠡ ᠬᠦᠡᠵᠡᠬᠡᠶᠢᠷᠡᠵᠤ᠂ ᠲᠡᠮᠡᠬᠡᠴᠢᠨ ᠠᠶᠢᠯ ᠳᠤ ᠬᠤᠨᠤᠬᠯᠠᠵᠤ᠂ ᠲᠡᠮᠡᠬᠡᠨ ᠪᠦᠮᠪᠦᠭᠡ ᠶᠢᠨ ᠤᠷᠤᠯᠳᠤᠭᠠᠨ ᠢ ᠰᠤᠨᠢᠷᠬᠠᠵᠤ ᠶᠡᠪᠤᠬᠰᠡᠨ ᠨᠢ ᠦᠨᠡᠡᠳᠡᠢ᠂ ᠠᠭᠤᠳᠡᠮ ᠲᠡᠨᠢᠬᠡᠷ ᠲᠠᠯ᠎ᠠ ᠳᠤ ᠠᠬᠳᠡ ᠮᠤᠷᠢ ᠰᠦᠷᠡᠬᠡᠢ ᠬᠡᠬᠦ ᠳᠤ᠂ ᠠᠯᠳᠡᠨ ᠰᠢᠷᠭᠠᠯ ᠡᠯᠡᠰᠤᠨ ᠳᠤ ᠠᠳᠡᠨ ᠲᠡᠮᠡᠭᠡ ᠠᠶᠢᠬᠪᠳᠤᠷ ᠠᠵᠢ᠃
ᠨᠢᠬᠡ ᠰᠠᠶᠢᠬᠠᠨ ᠲᠠᠭᠤᠤ ᠤᠯᠡᠨ ᠤ ᠲᠤᠮᠳᠡ ᠲᠠᠯᠬᠡᠷᠡᠯᠳᠡᠢ ᠪᠤᠯᠳᠠᠬ ᠨᠢ ᠵᠦᠪᠬᠡᠨ ᠠᠶ᠎ᠠ ᠵᠤᠬᠢᠶᠡᠬᠴᠢ ᠳᠤ ᠲᠦᠰᠢᠭᠯᠡᠳᠡᠭ ᠪᠢᠰᠢ ᠬᠠᠷᠢᠨ ᠲᠠᠭᠤᠤ ᠶᠢᠨ ᠦᠬᠡ ᠵᠤᠬᠢᠶᠡᠬᠴᠢ᠂ ᠬᠦᠭᠵᠢᠮ ᠵᠡᠷᠬᠡ ᠶᠡᠪ ᠴᠡᠪ ᠲᠠᠭᠠᠷᠡᠮᠠᠡᠵᠢᠨ ᠰᠠᠶ᠋ᠢ ᠰᠠᠶᠢᠬᠠᠨ ᠪᠦᠳᠦᠬᠡᠯ ᠭᠠᠷᠳᠠᠬ᠃ ᠠᠶ᠎ᠠ ᠪᠤᠯ ᠰᠦᠨᠡᠰᠤ᠂ ᠦᠬᠡ ᠪᠤᠯ ᠮᠢᠬ᠎ᠠ ᠴᠢᠰᠤ ᠶᠤᠮ᠂ ᠲᠠᠭᠤᠤ ᠶᠢᠨ ᠦᠬᠡ ᠵᠤᠬᠢᠶᠡᠬᠴᠢ ᠶ᠊ ᠪᠠᠳᠤᠳᠡᠯᠡᠢ᠄ 《 ᠭᠤᠪᠢ ᠶᠢᠨ ᠤᠯᠠᠭᠠᠨ ᠬᠡᠳᠡᠭ ᠨᠢ ᠺᠢᠨᠣ᠋ ᠶᠢᠨ ᠲᠠᠭᠤᠤ ᠶᠤᠮ᠂ ᠪᠢᠳᠡ ᠬᠤᠶᠡᠭᠤᠯᠨ ᠲᠡᠬᠦᠯᠳᠡᠷ ᠬᠤᠭᠤᠷ ᠤᠨ ᠲᠡᠷᠬᠡᠳᠡ ᠰᠠᠭᠤᠵᠤ ᠨᠢᠬᠡ ᠨᠢᠬᠡ ᠦᠬᠡ ᠪᠠᠷ ᠨᠤᠲ ᠬᠠᠳᠡᠵᠤ ᠪᠠᠶᠢᠬᠰᠡᠨ ᠢ ᠰᠠᠨᠡᠵᠤ ᠪᠠᠶᠢᠨ᠎ᠠ᠂ ᠷᠢᠡᠴᠢᠨ ᠠᠬ᠎ᠠ ᠲᠡᠩᠳᠡ 《 ᠭᠤᠶᠤ ᠦᠬᠡ ᠪᠠᠶᠢᠨ᠎ᠠ 》 ᠬᠡᠵᠤ ᠨᠠᠮ᠎ᠠ ᠶᠢ ᠵᠤᠷᠢᠬᠵᠢᠭᠤᠯᠵᠤ ᠯᠨ ᠪᠠᠶᠢᠳᠠᠬ᠂ ᠠᠶ᠎ᠠ ᠪᠢᠴᠢᠬᠦ ᠳᠡᠭᠡᠨ ᠶᠡᠭᠡ ᠬᠦᠭᠰᠡᠨ ᠲᠤᠬᠳᠤᠯᠳᠠᠬ᠂ ᠰᠠᠨᠠᠭ᠎ᠠ ᠨᠡᠶᠢᠯᠡᠭᠰᠡᠨ ᠦᠶ᠎ᠠ ᠳᠡᠭᠡᠨ ᠲᠤᠩ ᠬᠤᠷᠳᠤᠨ ᠪᠢᠴᠢᠳᠡᠭ᠂ ᠦᠨᠡᠬᠡᠷ 《 ᠭᠤᠪᠢ ᠶᠢᠨ ᠤᠯᠠᠭᠠᠨ 》 ᠢ ᠢᠳᠡᠬᠡᠵᠤ ᠶᠡᠳᠡᠮᠠ ᠬᠤᠷᠳᠤᠨ ᠠᠶ᠎ᠠ ᠲᠠᠭᠠᠷᠠᠭᠤᠯᠤᠬᠰᠡᠨ ᠶᠤᠮ᠃ ᠷᠢᠡᠴᠢᠨ ᠠᠬ᠎ᠠ ᠪᠢᠳᠡ ᠬᠤᠶᠡᠷ ᠲᠠᠭᠤᠤ ᠶᠢᠨ ᠵᠤᠬᠢᠶᠡᠨ ᠪᠦᠳᠦᠬᠡᠯᠬᠡ ᠶᠢᠨ ᠲᠠᠯ᠎ᠠ ᠳᠤ ᠤᠯᠡᠨ ᠤᠳᠠᠭ᠎ᠠ ᠪᠠᠭ᠋ᠠᠷᠡᠯ ᠲᠠᠢ ᠬᠠᠮᠳᠤᠷᠡᠨ ᠠᠵᠢᠯᠯᠠᠬᠰᠡᠨ᠂ ᠭᠤᠤᠯ ᠨᠢ ᠬᠦᠳᠡᠭᠡ ᠨᠤᠳᠤᠬ ᠲᠠᠭᠠᠨ ᠢᠪᠢᠯᠵᠤ ᠪᠠᠶᠢᠳᠠᠬ ᠬᠠᠶᠢᠷ᠎ᠠ ᠰᠡᠳᠬᠢᠯᠬᠡ ᠮᠢᠨᠢ ᠢᠵᠢᠯᠬᠡᠨ ᠪᠠᠶᠢᠳᠠᠬ ᠢᠶᠠᠷ ᠢᠶᠠᠨ ᠲᠡᠷᠨ ᠪᠢᠵᠨ᠂ ᠪᠢ ᠲᠡᠬᠦᠨ ᠤ ᠨᠢᠬᠡ ᠨᠢᠬᠡ ᠦᠬᠡ ᠨᠢᠬᠡ ᠨᠢᠬᠡ ᠨᠤᠲ ᠢ ᠮᠤᠩᠭᠤᠯᠴᠤᠳ ᠤᠨ ᠵᠢᠷᠤᠬᠡ ᠰᠡᠳᠬᠢᠯ ᠳᠤ ᠬᠢᠷᠢ ᠬᠦᠷᠬᠦ ᠪᠤᠯ ᠬᠡᠵᠤ ᠨᠠᠷᠢᠰᠬᠠᠨ ᠨᠢᠬᠳᠡᠯᠡᠳᠠᠬ ᠵᠤᠬᠢᠶᠡᠨ ᠪᠦᠳᠦᠬᠡᠯᠬᠡ ᠶᠢᠨ ᠤᠪᠤᠷ ᠢ ᠲᠤᠩ ᠪᠢᠰᠢᠷᠡᠳᠡᠭ᠂ ᠲᠠᠷᠨ ᠲᠠᠭᠤᠤ ᠶᠢᠨ ᠰᠢᠯᠦᠭ ᠢ ᠵᠢᠷᠤᠬᠡ ᠪᠠᠷ ᠢᠶᠠᠨ ᠮᠡᠳᠡᠷᠡᠵᠤ ᠰᠢᠯᠦᠭ ᠲᠤ ᠠᠬᠤᠭᠤᠯᠤᠬᠠᠰᠡᠨ ᠬᠠᠶᠢᠷ᠎ᠠ ᠰᠡᠳᠬᠢᠯᠬᠡ ᠶᠢ ᠠᠶᠡᠯᠭᠤ ᠪᠠᠷ ᠲᠤᠳᠤᠷᠠᠭᠤᠯᠤᠨ ᠭᠠᠷᠭᠠᠬᠤ ᠪᠤᠯ ᠬᠠᠮᠤᠬ ᠴᠢᠬᠤᠯᠨ ᠬᠡᠵᠤ ᠬᠡᠯᠡᠳᠡᠭ ᠶᠤᠮ》 ᠬᠡᠵᠤ ᠪᠠᠶᠡᠷᠳᠡᠶᠢᠬᠠᠨ ᠶᠡᠷᠢᠨ᠎ᠠ᠃ ᠲᠤᠰ ᠲᠠᠭᠤᠤ ᠶᠢ ᠪᠢᠯᠡᠷ ᠬᠦᠭᠵᠢᠮ ᠲᠠᠭᠠᠷᠠᠭᠤᠯᠤᠨ ᠦᠯᠢᠶᠡᠭᠰᠡᠨ ᠨᠢ ᠴᠤ ᠶᠡᠭᠡ ᠤᠯᠡᠨ ᠬᠦᠮᠤᠰ ᠤᠨ ᠠᠩᠬᠠᠷᠤᠯ ᠢ ᠲᠡᠳᠡᠬᠰᠡᠨ ᠶᠤᠮ᠂ ᠪᠢᠯᠡᠷ ᠪᠤᠯ ᠮᠤᠩᠭᠤᠯ ᠦᠡᠳᠦᠰᠤᠳᠡᠨ ᠤ ᠡᠷᠳᠡᠨ ᠤ ᠨᠢᠬᠡᠨ ᠬᠦᠭᠵᠢᠮ ᠤᠨ ᠪᠠᠭᠠᠵᠢ ᠪᠤᠯᠤᠨ᠎ᠠ᠂ ᠤᠳᠤ ᠪᠤᠳᠡᠰ ᠤᠨ ᠪᠤᠰᠤ ᠰᠤᠶᠤᠯ ᠤᠨ ᠦᠪ ᠪᠤᠯᠵᠤ᠂ ᠡᠨᠡᠬᠦ ᠬᠦᠭᠵᠢᠮ ᠢ ᠦᠯᠢᠶᠡᠵᠦ ᠴᠢᠳᠡᠬᠤ ᠬᠦᠮᠤᠨ ᠲᠤᠩ ᠴᠦᠬᠡᠨ ᠪᠤᠯᠵᠡᠢ᠂ ᠲᠤᠰ ᠬᠦᠭᠵᠢᠮ ᠤᠯᠠᠭᠠᠡᠬᠠᠳᠡ ᠬᠤᠳᠡ ᠶᠢᠨ ᠪᠠᠭᠠᠷᠢᠨ ᠪᠠᠷᠠᠭᠤᠨ ᠬᠤᠰᠢᠭᠤᠨ ᠤ ᠪᠦᠷᠢᠨ ᠪᠠᠭᠰᠢ ᠳᠤ ᠯᠡ ᠪᠠᠶᠢᠬᠤ ᠮᠦᠷᠳᠡᠬᠡᠨ ᠦᠯᠢᠶᠡᠵᠤ ᠴᠢᠳᠡᠳᠠᠬ ᠬᠦᠮᠤᠨ ᠤ ᠨᠢᠬᠡ ᠪᠤᠯᠵᠤ ᠬᠤᠴᠤᠷᠴᠠᠢ᠃
ᠠᠶᠠᠯᠭᠤ ᠵᠤᠬᠢᠶᠠᠭᠴᠢ ᠷᠢᠡᠴᠢᠡᠨᠤᠷᠪᠤ
ᠷᠢᠡᠴᠢᠡᠨᠤᠷᠪᠤ ᠪᠠᠭᠰᠢ ᠪᠤᠯ ᠠᠷᠪᠢᠨ ᠤᠷᠤᠯᠳᠤᠯᠭ᠎ᠠ ᠲᠠᠢ ᠬᠦᠮᠤᠨ ᠶᠤᠮ᠂ ᠲᠠᠷᠨ ᠭᠤᠴᠢᠭᠠᠳ ᠵᠢᠯ ᠤᠨ ᠬᠤᠭᠤᠷᠤᠡᠳᠤ ᠶᠡᠭᠡ ᠬᠡᠮᠵᠢᠶᠡᠨ ᠤ ᠮᠤᠩᠭᠤᠯ ᠤᠯᠠᠮᠵᠢᠯᠠᠯᠳᠤ ᠲᠠᠭᠤᠤ ᠶᠢᠨ ᠲᠡᠤᠬᠡ ᠶᠢᠨ ᠮᠠᠲ᠋ᠧᠷᠢᠶᠠᠯ ᠢ ᠰᠤᠳᠤᠯᠤᠨ ᠡᠮᠬᠢᠳᠬᠡᠵᠤ᠂ ᠲᠡᠬᠦᠨ ᠤ ᠪᠦᠳᠦᠬᠡᠯ ᠳᠤ ᠲᠤᠳᠤᠷᠠᠭᠤᠯᠤᠯᠳᠡ ᠬᠦᠭᠵᠢᠮ᠂ ᠦᠷᠬᠦᠬᠡ ᠶᠢᠨ ᠲᠠᠭᠤᠤ ᠬᠦᠭᠵᠢᠮ᠂ ᠲᠠᠭᠤᠤ ᠬᠦᠭᠵᠢᠮᠳᠤ ᠵᠦᠴᠦᠭᠡ᠂ ᠺᠢᠨᠣ᠋ ᠶᠢᠨ ᠲᠠᠭᠤᠤ ᠬᠦᠭᠵᠢᠮ ᠪᠠᠭᠳᠡᠵᠤ᠂ ᠮᠤᠩᠭᠤᠯ ᠲᠠᠭᠤᠤ ᠬᠦᠭᠵᠢᠮ ᠤᠨ ᠬᠦᠷᠢᠶ᠎ᠠ ᠬᠡᠪᠴᠢᠶᠡᠨ ᠳᠤ ᠨᠠᠯᠢᠶᠡᠳ ᠨᠦᠯᠦᠬᠡ ᠲᠠᠢ ᠠᠶ᠎ᠠ ᠵᠤᠬᠢᠶᠡᠬᠴᠢ ᠶᠤᠮ᠂ ᠪᠦᠳᠦᠬᠡᠯ ᠤᠨ ᠲᠤᠮᠳᠡ ᠬᠠᠨᠭ᠍ᠬᠠ ᠲᠠᠭᠤᠤ ᠶᠢᠨ ᠬᠡᠪ ᠨᠡᠮᠪᠡ ᠪᠡ ᠤᠷᠡᠳ ᠠᠷᠡᠳ ᠤᠨ ᠲᠠᠭᠤᠤ ᠶᠢᠨ ᠬᠡᠪ ᠨᠡᠮᠪᠡ ᠶᠢ ᠰᠤᠳᠤᠯᠤᠨ ᠲᠤᠪᠤᠶᠢᠯᠭᠠᠵᠤ᠂ ᠮᠤᠩᠭᠤᠯ ᠦᠡᠳᠦᠰᠤᠳᠡᠨ ᠤ ᠪᠠᠷᠠᠭᠤᠨ ᠤᠷᠤᠨ ᠤ ᠲᠠᠭᠤᠤ ᠬᠦᠭᠵᠢᠮ ᠤᠨ ᠬᠦᠷᠢᠶᠡᠨ ᠳᠤ ᠴᠢᠬᠤᠯᠨ ᠤᠷᠤᠨ ᠪᠠᠶᠢᠷᠢ ᠲᠠᠢ ᠠᠶ᠎ᠠ ᠵᠤᠬᠢᠶᠡᠬᠴᠢ ᠪᠤᠯᠬᠤ ᠶᠤᠮ᠃ ᠲᠡᠬᠦᠨ ᠤ ᠦᠨᠤᠳᠤᠷ ᠤᠨ ᠠᠮᠵᠢᠯᠳᠡ ᠪᠦᠳᠦᠬᠡᠯ ᠢᠶᠠᠨ ᠲᠡᠷᠨ ᠶᠡᠷᠤᠨᠢ ᠢᠡᠭᠬᠢᠵᠤ ᠬᠡᠯᠡᠳᠡᠭ᠄ ᠤᠷᠡᠯᠢᠬ ᠲᠡᠭᠷᠢ ᠠᠴᠠ ᠤᠨᠡᠵᠤ ᠢᠷᠡᠳᠡᠭ ᠪᠢᠰᠢ᠂ ᠲᠠᠶᠢᠮᠤ ᠠᠴᠠ ᠪᠢ ᠰᠤᠷᠬᠤᠢ ᠪᠠᠷ ᠲᠡᠬᠡᠳᠤ ᠪᠤᠯᠭᠠᠳᠠᠬ᠂ ᠮᠢᠨᠤ ᠤᠷᠡᠯᠢᠬ ᠤᠨ ᠵᠢᠯᠤᠭᠤ ᠠᠳᠬᠤᠭᠤᠯᠤᠬᠰᠡᠨ ᠬᠡᠳᠤᠨ ᠪᠠᠭᠰᠢ ᠪᠠᠶᠢᠳᠠᠬ᠂ ᠲᠠᠷᠤᠢ᠄ ᠵᠤᠤ ᠷᠥ ᠳ᠋ᠧ᠂ ᠯᠢ ᠪᠦᠸᠧ ᠸᠧᠨ᠂ ᠮ᠊᠂ ᠰᠡᠷᠬᠦᠯᠡᠩ᠂ ᠶᠢᠨ ᠪᠤᠤ ᠪᠠᠭᠰᠢ ᠨᠠᠷ ᠪᠤᠯᠤᠨ᠎ᠠ᠃ ᠡᠨᠡᠬᠦ ᠲᠠᠰᠢᠷᠡᠮ ᠳᠤ ᠡᠳᠡᠬᠡᠷ ᠪᠠᠭᠰᠢ ᠳᠠᠭᠠᠨ ᠲᠠᠯᠠᠷᠬᠠᠯ ᠲᠠᠪᠰᠢᠬᠦᠯᠵᠤ᠂ ᠲᠡᠳᠡᠨ ᠤ ᠰᠠᠶᠢᠨ ᠰᠠᠶᠢᠬᠠᠨ ᠢ ᠬᠦᠰᠡᠨ ᠪᠡᠯᠭᠡᠳᠡᠶ᠎ᠡ ᠬᠡᠪᠡ᠃
ᠰᠤᠷᠪᠤᠯᠵᠢᠯᠠᠭ᠎ᠠ ᠦᠡᠳᠦᠷᠯᠡᠬᠦ ᠭᠰᠠᠨᠠ᠄ 《 ᠭᠤᠪᠢ ᠶᠢᠨ ᠤᠯᠠᠭᠠᠨ 》 ᠢᠶᠠᠨ ᠲᠠᠭᠤᠯᠠᠵᠤ
ᠵᠠᠭᠤᠨ ᠵᠠᠭᠤᠨ ᠤ ᠵᠢᠩ ᠴᠤᠪᠤᠭ᠎ᠠ ᠨᠢ
ᠵᠡᠷᠬᠡᠯᠬᠡᠳᠤ ᠭᠤᠪᠢ ᠶᠢᠨ ᠵᠡᠬᠦᠳᠤᠨ ᠳᠤ ᠬᠦᠪᠤᠷᠡᠨᠠ
ᠵᠡᠶᠡᠭᠠᠨ ᠲᠡᠭᠷᠢ ᠶᠢᠨ ᠬᠠᠶᠠᠭ᠎ᠠ ᠶᠢ ᠵᠤᠷᠢᠬᠰᠠᠭᠠᠷ
ᠵᠢᠷᠭᠠᠯᠡᠩᠳᠤ ᠭᠤᠪᠢ ᠶᠢᠨ ᠬᠡᠶᠢᠢᠮᠤᠷᠢ ᠶᠢ ᠬᠤᠷᠤᠶᠢᠯᠡᠨᠠ ᠁
ᠬᠦᠩᠬᠢᠨᠡᠮ᠎ᠡ ᠬᠤᠭᠤᠯᠡᠢ ᠪᠠᠷ ᠴᠤᠤᠷᠢᠶᠡᠳᠤᠬᠰᠡᠨ ᠤᠶᠡᠩᠭᠠᠨ ᠠᠶᠡᠯᠭᠤ ᠤᠢ ᠪᠤᠳᠤᠯ ᠢ ᠲᠦᠬᠡᠷᠢᠭᠳᠡᠬᠦᠯᠤᠮᠠ ᠤᠶᠡᠷᠡᠯ ᠲᠠᠢ ᠪᠠᠶᠢᠵᠤ᠂ ᠲᠤᠩᠭᠠᠯᠠᠬ ᠢᠷᠠᠭᠤᠬᠠᠨ ᠢᠶᠠᠷ ᠴᠢᠬᠢᠨ᠎ᠠ ᠬᠠᠨᠭ᠍ᠬᠢᠨᠡᠵᠤ᠂ ᠤᠷᠤᠭ᠎ᠠ ᠪᠤᠰᠤᠭ᠎ᠠ ᠤᠨ ᠵᠢᠯ ᠳᠤ ᠲᠡᠮᠡᠭᠡ ᠵᠦᠪᠬᠡᠨ ᠠᠮᠢᠳᠤᠷᠡᠯ ᠳᠤ ᠲᠠᠮᠵᠢᠯᠬᠡ ᠪᠤᠯᠵᠤ ᠪᠠᠶᠢᠬᠰᠡᠨ ᠪᠢᠰᠢ᠂ ᠪᠠᠰᠨ ᠲᠤᠷᠭᠠᠨ ᠵᠡᠮ ᠳᠤ ᠵᠢᠳᠬᠦᠯ ᠦᠵᠡᠬᠦᠯᠵᠤ ᠪᠠᠶᠢᠬᠰᠡᠨ ᠢ ᠦᠪᠡᠷ ᠤᠨ ᠡᠷᠬᠡ ᠦᠬᠡᠢ ᠰᠠᠨᠠᠬᠳᠡᠭᠤᠯᠤᠨᠠ ᠁
ᠤᠨᠠᠬᠤ ᠨᠠᠷᠡᠨ ᠤ ᠲᠤᠶᠠᠭ᠎ᠠ ᠤᠨᠠᠬᠤ ᠲᠤᠰᠤᠮ ᠢᠶᠠᠷ ᠤᠯᠠᠪᠢᠷ ᠬᠡᠳᠡᠭ ᠢᠶᠠᠷ ᠲᠠᠪᠢ ᠶᠢ ᠲᠠᠪᠡᠵᠤ ᠵᠢᠷᠨ ᠶᠢ ᠠᠬᠢᠵᠤ ᠪᠠᠶᠢᠭ᠎ᠠ ᠷᠢᠡᠴᠢᠡᠨᠤᠷᠪᠤ ᠪᠠᠭᠰᠢ ᠶᠢᠨ ᠨᠡᠩ ᠠᠷᠪᠢᠨ ᠠᠶ᠎ᠠ ᠲᠠᠭᠤᠤ ᠵᠤᠬᠢᠶᠡᠨ ᠬᠤᠷᠸ᠎ᠠ ᠳᠤ ᠬᠤᠴᠤᠷᠭᠠᠬᠰᠡᠨ ᠲᠠᠭᠤᠤ ᠡᠬᠡᠰᠢᠭ ᠨᠢ ᠦᠨᠢ ᠮᠦᠡᠭᠬᠡ ᠶᠢᠷᠳᠢᠡᠴᠤ ᠶᠢᠨ ᠰᠤᠨᠤᠷ ᠲᠤ ᠲᠠᠭᠤᠷᠢᠰᠴᠤ ᠦᠪᠡᠷ ᠤᠨ ᠢᠶᠠᠨ ᠤᠷᠡᠯᠢᠬ ᠤᠨ ᠰᠢᠵᠢᠷ ᠠᠯᠳᠡᠨ ᠤᠷᠢᠯᠡᠯ ᠢᠶᠠᠨ ᠤᠬᠳᠤᠨ ᠠᠪᠴᠢᠷᠡᠬᠤ ᠶᠢ ᠬᠦᠰᠡᠨ ᠵᠦᠩᠨᠡᠶ᠎ᠡ᠃