ᠪᠢᠴᠢᠯ ᠺᠢᠨᠣ᠋ 《 ᠲᠠᠯ᠎ᠠ ᠨᠤᠳᠤᠬ ᠤᠨ ᠪᠢᠴᠢᠬᠠᠨ ᠪᠠᠭᠠᠳᠤᠷ ᠡᠭᠡᠴᠢ ᠤᠬᠢᠨ ᠲᠡᠭᠦᠦ 》 ᠱᠠᠩᠨᠠᠯ ᠬᠦᠷᠳᠡᠪᠡ

ᠤᠩᠰᠢᠭᠰᠠᠨ ᠤᠳᠠᠭ᠎ᠠ ᠄ 653    ᠨᠡᠶᠢᠳᠡᠯᠡᠭᠰᠡᠨ ᠴᠠᠭ ᠄ 2017-02-09

ᠤᠶᠢᠷ᠎ᠠ ᠳᠤ᠂ ᠲᠦᠪ ᠤᠨ ᠤᠬᠠᠭᠤᠯᠬᠤ ᠬᠡᠯᠳᠡᠰ᠂ ᠲᠦᠪ ᠤᠨ ᠰᠤᠨᠢᠨ ᠮᠡᠳᠡᠭᠡᠨ ᠤ ᠪᠠᠷᠢᠮᠳᠠᠳᠤ ᠺᠢᠨᠣ᠋ ᠶᠢᠨ ᠦᠢᠯᠡᠤᠨᠪᠦᠷᠢ ᠠᠴᠠ ᠭᠤᠤᠯᠯᠠᠨ ᠡᠷᠬᠢᠯᠡᠭᠰᠡᠨ ᠨᠡᠶᠢᠭᠡᠮ ᠵᠢᠷᠤᠮ ᠤᠨ ᠭᠤᠤᠯᠯᠠᠬᠴᠢ ᠦᠷᠳᠡᠭ ᠤᠨ ᠦᠵᠡᠯᠳᠡ ᠶᠢ ᠤᠬᠠᠭᠤᠯᠬᠤ ᠪᠠᠷ ᠭᠤᠤᠯ ᠰᠡᠳᠦᠪ ᠪᠤᠯᠭᠠᠬᠰᠠᠨ ᠪᠢᠴᠢᠯ ᠺᠢᠨᠣ᠋ ᠡᠯᠰᠡᠨ ᠴᠤᠬᠯᠠᠭᠤᠯᠵᠤ ᠲᠡᠯᠭᠡᠨ ᠦᠵᠡᠭᠦᠯᠬᠦ ᠠᠵᠢᠯᠯᠠᠭ᠎ᠠ ᠪᠡᠭᠡᠵᠢᠩ ᠳᠤ ᠶᠡᠪᠤᠬᠳᠡᠪᠡ᠃ ᠦᠦᠰᠢᠨ ᠬᠤᠰᠢᠭᠤᠨ ᠤ ᠵᠠᠯᠠᠭᠤᠴᠤᠤᠨ ᠤᠨ ᠡᠪᠯᠡᠯ ᠤᠨ ᠬᠤᠷᠢᠶ᠎ᠠ ᠠᠴᠠ ᠰᠤᠩᠭᠤᠨ ᠲᠡᠪᠰᠢᠭᠦᠯᠦᠭᠰᠡᠨ ᠪᠢᠴᠢᠯ ᠺᠢᠨᠣ᠋ 《 ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠭᠦᠦ 》 2163 ᠪᠦᠳᠦᠭᠡᠯ ᠤᠨ ᠲᠤᠮᠳᠠ ᠠᠴᠠ ᠴᠤᠯᠭᠤᠷᠠᠨ ᠭᠠᠷᠴᠤ᠂ ᠭᠤᠷᠪᠠᠳᠤᠭᠠᠷ ᠲᠡᠰ ᠤᠨ ᠱᠠᠩᠨᠠᠯ ᠬᠦᠷᠳᠡᠪᠡ᠃ ᠡᠨᠡ ᠨᠢ ᠦᠪᠡᠷᠳᠡᠭᠡᠨ ᠵᠠᠰᠠᠬᠤ ᠤᠷᠤᠨ ᠳᠤ ᠠᠩᠬ᠎ᠠ ᠤᠳᠠᠭ᠎ᠠ ᠪᠦᠬᠦ ᠤᠯᠤᠰ ᠤᠨ ᠬᠡᠪᠴᠢᠶᠡᠨ ᠳᠤ ᠪᠢᠴᠢᠯ ᠺᠢᠨᠣ᠋ ᠶᠢᠨ ᠲᠦᠷᠦᠯ ᠤᠨ ᠰᠢᠯᠢᠳᠡᠭ ᠪᠦᠳᠦᠭᠡᠯ ᠪᠤᠯᠵᠠᠢ᠃   

ᠲᠤᠰ ᠪᠢᠴᠢᠯ ᠺᠢᠨᠣ᠋ ᠨᠢ ᠪᠠᠭᠠᠴᠤᠤᠨ ᠬᠡᠦᠬᠡᠤᠨ ᠤᠨ ᠦᠵᠡᠬᠦ ᠲᠤᠷᠠᠳᠠᠢ ᠺᠠᠷᠲ᠋ᠤᠨ ᠺᠢᠨᠣ᠋ ᠶᠢᠨ ᠤᠷᠠᠯᠢᠬ ᠤᠨ ᠬᠡᠯᠪᠡᠷᠢ ᠪᠠᠷ 《 ᠲᠠᠯ᠎ᠠ ᠨᠤᠳᠤᠬ ᠤᠨ ᠪᠢᠴᠢᠬᠠᠨ ᠪᠠᠭᠠᠳᠤᠷ ᠡᠭᠡᠴᠢ ᠤᠬᠢᠨ ᠲᠡᠭᠦᠦ 》 ᠯᠦᠩ ᠮᠸᠢ᠂ ᠢᠦᠢ ᠷᠦᠩ ᠤᠨ ᠬᠠᠬᠢᠷ ᠡᠪᠦᠯ ᠤᠨ ᠴᠠᠰᠦ ᠰᠢᠭᠤᠷᠭᠠᠨ ᠳᠤ ᠠᠮᠢ ᠨᠠᠰᠤᠨ ᠤ ᠠᠶᠤᠯ ᠲᠦᠭᠰᠢᠭᠦᠷᠢ ᠶᠢ ᠬᠠᠶᠢᠬᠤᠷᠤᠯ ᠦᠭᠡᠢ ᠪᠠᠷ ᠴᠠᠰᠤ ᠰᠢᠭᠤᠷᠭᠠᠨ ᠲᠠᠢ ᠲᠡᠮᠡᠴᠡᠵᠦ᠂ ᠬᠠᠮᠳᠤ ᠶᠢᠨ ᠮᠠᠯ ᠰᠦᠷᠦᠭ ᠢ ᠬᠠᠮᠠᠭᠠᠯᠠᠬᠰᠠᠨ ᠬᠦᠮᠦᠰ ᠤᠨ ᠭᠠᠶᠢᠬᠠᠰᠢ ᠠᠯᠳᠠᠮᠠᠷ ᠡᠷᠴᠢ ᠵᠤᠷᠢᠬ ᠢ ᠪᠠᠭᠠᠴᠤᠤᠨ ᠬᠡᠦᠬᠡᠤᠨ ᠤᠨ ᠨᠢᠳᠦᠨ ᠳᠤ ᠲᠡᠯᠭᠡᠵᠦ᠂ ᠪᠢᠴᠢᠯ ᠺᠢᠨᠣ᠋ ᠨᠢ ᠦᠦᠰᠢᠨ ᠬᠤᠰᠢᠭᠤᠨ ᠤ ᠪᠠᠭᠠᠴᠤᠤᠨ ᠬᠡᠦᠬᠡᠤᠨ ᠤᠨ ᠲᠤᠮᠳᠠ ᠨᠡᠶᠢᠳᠡᠮ ᠲᠡᠯᠭᠡᠷᠡᠵᠦ᠂ ᠮᠠᠰᠢ ᠰᠠᠶᠢᠨ ᠨᠡᠶᠢᠭᠡᠮ ᠤᠨ ᠲᠤᠰᠬᠠᠯ ᠭᠠᠷᠣᠬᠰᠠᠨ ᠪᠠᠶᠢᠨ᠎ᠠ᠃


ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄