ᠬᠠᠶᠢᠰᠢ ᠵᠧᠤ ᠶ᠋ᠢᠨ ᠮᠤᠡᠭᠭᠤᠯ ᠲᠦᠪᠡᠳ ᠡᠮᠨᠡᠯᠬᠡ ᠶ᠋ᠢᠨ ᠬᠤᠷᠢᠶᠡᠨ ᠤ ᠡᠮᠴᠢ ᠾᠦᠡᠭ ᠪᠢᠡᠭ ᠬᠦᠬᠡᠨᠡᠭᠤᠷ ᠮᠤᠵᠢ ᠶ᠋ᠢᠨ ᠨᠡᠷᠡᠳᠤ ᠡᠮᠴᠢ ᠪᠡᠷ ᠡᠷᠭᠦᠮᠵᠢᠯᠡᠭᠳᠡᠪᠡ

ᠤᠩᠰᠢᠭᠰᠠᠨ ᠤᠳᠠᠭ᠎ᠠ ᠄ 686    ᠨᠡᠶᠢᠳᠡᠯᠡᠭᠰᠡᠨ ᠴᠠᠭ ᠄ 2017-02-07ᠬᠦᠬᠡᠨᠡᠭᠤᠷ ᠮᠤᠵᠢ ᠶ᠋ᠢᠨ ᠡᠷᠡᠬᠦᠯ ᠬᠠᠮᠠᠭᠠᠯᠠᠯ ᠪᠤᠯᠤᠨ ᠲᠥᠯᠥᠪᠯᠡᠭᠡ ᠲᠠᠢ ᠬᠡᠦᠬᠡᠳ ᠠᠪᠬᠤ ᠠᠵᠢᠯ ᠤᠨ ᠰᠢᠰᠲ᠋ᠧᠮ ‍ᠤᠨ ᠬᠢᠨ ᠤ ᠦᠷᠨᠢᠬᠦᠯᠦᠭᠰᠠᠠ ᠬᠢᠳᠡᠳ ᠲᠦᠪᠡᠳ ᠮᠤᠡᠭᠭᠤᠯ ᠡᠮᠨᠡᠯᠬᠡ ᠶ᠋ᠢᠨ ᠨᠡᠷᠡᠳᠤ ᠡᠮᠴᠢ ᠶ᠋ᠢ ᠰᠢᠯᠭᠠᠷᠡᠭᠤᠯᠤᠨ ᠦᠨᠡᠯᠡᠬᠦ ᠠᠵᠢᠯᠯᠠᠭᠠᠨ ᠤ ᠲᠤᠮᠳᠡ᠂ ᠬᠠᠶᠢᠰᠢ ᠵᠧᠤ ᠶ᠋ᠢᠨ ᠮᠤᠡᠭᠭᠤᠯ ᠲᠦᠪᠡᠳ ᠡᠮᠨᠡᠯᠬᠡ ᠶ᠋ᠢᠨ ᠬᠤᠷᠢᠶᠡᠨ ᠤ ᠭᠠᠳᠡᠷ ᠵᠠᠰᠠᠯ ‍ᠤᠨ ᠰᠠᠯᠠᠭᠠᠨ ᠤ ᠡᠷᠬᠢᠯᠡᠭᠴᠢ ᠾᠦᠡᠭ ᠪᠢᠡᠭ ᠨᠦᠬᠦᠷ ᠬᠦᠬᠡᠨᠡᠭᠤᠷ ᠮᠤᠵᠢ ᠶ᠋ᠢᠨ ᠨᠡᠷᠡᠳᠤ ᠡᠮᠴᠢ ᠶ᠋ᠢᠨ ᠢᠷᠡᠭᠤ ᠠᠯᠳᠡᠷ ‍ᠤᠨ ᠴᠤᠯᠠ ᠶ᠋ᠢ ᠬᠦᠷᠳᠡᠭᠰᠠᠠ ᠪᠠᠶᠢᠨ᠎ᠠ᠃        

ᠤᠶᠢᠯᠠᠭᠠᠭᠰᠠᠠ ᠢᠶᠠᠷ᠂ ᠾᠦᠡᠭ ᠪᠢᠡᠭ ᠡᠮᠴᠢ ᠪᠤᠯ ᠦᠶ᠎ᠠ ᠬᠡᠰᠢᠬᠦᠨ ᠤ ᠰᠢᠷ᠎ᠠ ᠤᠰᠤᠨ ᠤ  ᠡᠪᠡᠳᠴᠢᠨ᠂ ᠮᠦᠬᠡᠷᠰᠢᠵᠡᠭᠰᠠᠠ ᠬᠡᠮ᠂ ᠨᠢᠷᠤᠭᠤᠨ ᠦᠶ᠎ᠠ ᠶ᠋ᠢᠨ ᠬᠡᠮᠳᠤᠯ᠂ ᠬᠦᠵᠦᠬᠦᠤ ᠨᠢᠷᠤᠭᠤᠨ ᠤ ᠬᠤᠶᠡᠡᠭ᠂ ᠶᠠᠰᠤ ᠪᠠᠷᠳᠠᠵᠤ ᠭᠡᠮᠲᠦᠬᠦ᠂ ᠲᠣᠯᠣᠭᠠᠢ ᠡᠪᠡᠳᠬᠦ ᠵᠡᠷᠬᠡ ᠡᠪᠡᠳᠴᠢᠨ ‍ᠢ ᠡᠮᠴᠢᠯᠡᠬᠦ ᠳ᠋ᠥ ᠮᠡᠷᠬᠡᠰᠢᠵᠡᠢ᠃ ᠲᠡᠷᠨ ᠬᠤᠷᠢ ᠭᠠᠷᠤᠢ ᠵᠢᠯ ‍ᠤᠨ ᠡᠮᠴᠢᠯᠡᠬᠡᠨ ᠤ ᠠᠵᠢᠯ ‍ᠤᠨ ᠲᠤᠮᠳᠡ ᠡᠷᠬᠢᠯᠡᠭᠰᠠᠠ ᠠᠵᠢᠯ ᠢᠶᠡᠨ ᠰᠢᠷᠭᠠᠭᠤ ᠴᠢᠷᠮᠠᠶᠢᠨ ᠰᠤᠳᠤᠯᠵᠤ᠂ ᠬᠦᠬᠡᠨᠡᠭᠤᠷ ᠮᠤᠡᠭᠭᠤᠯᠴᠤᠤᠨ ‍ᠤᠨ ᠣᠨᠴᠠᠯᠢᠭᠲᠤ ᠦᠪᠡᠷᠮᠢᠴᠠ ᠠᠷᠭ᠎ᠠ ᠵᠠᠰᠠᠯ ᠪᠤᠯᠤᠨ ᠡᠮ ᠤᠨ ᠵᠤᠷ ‍ᠢ ᠡᠵᠡᠮᠰᠢᠨ ᠴᠤᠭᠯᠠᠭᠤᠯᠵᠤ ᠠᠪᠤᠭᠰᠠᠠ ᠢᠶᠠᠷ ᠪᠠᠷᠡᠬᠤ ᠦᠬᠡᠢ ᠦᠪᠯᠠᠨ ᠤᠯᠠᠮᠵᠢᠯᠠᠬᠤ ᠪᠡᠷ ᠴᠢᠷᠮᠠᠶᠢᠨ ᠠᠵᠢᠯᠯᠠᠭᠰᠡᠭᠠᠷ ᠢᠷᠡᠵᠡᠢ᠃ ᠲᠡᠬᠦᠨ ᠤ ᠵᠤᠬᠢᠶᠠᠨ ᠪᠠᠶᠢᠭᠤᠯᠤᠭᠰᠠᠠ ᠮᠤᠡᠭᠭᠤᠯ ᠡᠮᠨᠡᠯᠬᠡ ᠶ᠋ᠢᠨ ᠲᠡᠪᠤᠨ ᠵᠠᠰᠠᠯ ‍ᠤᠨ ᠰᠠᠯᠠᠭ᠎ᠠ ᠨᠢ ᠲᠤᠰ ᠭᠠᠵᠠᠷ ‍ᠤᠨ ᠬᠠᠮᠤᠭ ‍ᠤᠨ ᠤᠡᠴᠠᠯᠢᠭ ᠲᠠᠢ᠂ ᠲᠡᠶᠠᠭᠠᠷ ᠤᠯᠠᠨ ᠤ ᠲᠠᠭᠠᠰᠢᠶᠡᠯ ‍ᠢ ᠬᠠᠮᠤᠭ ᠰᠠᠶᠢᠨ ᠣᠯᠣᠭᠰᠠᠨ ᠰᠠᠯᠠᠭ᠎ᠠ ᠪᠣᠯᠬᠤ ᠪᠥᠭᠡᠳ ᠬᠦᠬᠡᠨᠡᠭᠤᠷ ᠮᠤᠵᠢ ᠶ᠋ᠢᠨ ᠨᠠᠷᠡᠳᠤ ᠡᠮᠴᠢᠯᠡᠭᠡᠨ ‍ᠥ ᠰᠠᠯᠠᠭ᠎ᠠ ᠪᠡᠷ ᠦᠨᠡᠯᠡᠭᠳᠡᠵᠤ᠂ ᠮᠤᠵᠢ ᠶ᠋ᠢᠨ ᠲᠡᠰ ‍ᠤᠨ ᠣᠨᠴᠠᠯᠢᠭᠲᠤ ᠲᠤᠰᠬᠠᠢ ᠰᠠᠯᠠᠭ᠎ᠠ ᠪᠤᠯᠵᠡᠢ᠃        

ᠡᠬᠦᠨ ᠤ ᠬᠠᠮᠳᠤ᠂ ᠾᠦᠡᠭ ᠪᠢᠡᠭ ᠡᠮᠴᠢ ᠬᠦᠬᠡᠨᠡᠭᠤᠷ  ᠮᠤᠡᠭᠭᠤᠯ ‍ᠤᠨ 《 ᠮᠦᠡᠭᠬᠦᠨ ᠵᠡᠭᠦᠦ  ᠲᠥᠭᠡᠨᠡᠯᠭᠡ 》᠂  《 ᠲᠡᠷᠢᠬᠢ ᠬᠦᠨᠳᠡᠷᠡᠭᠰᠡᠨ ᠬᠡᠮ ‍ᠢ ᠲᠤᠷᠬᠢᠭᠤᠯᠵᠤ ᠵᠠᠰᠠᠬᠤ ᠵᠠᠰᠠᠯ》᠂ 《 ᠮᠤᠡᠭᠭᠤᠯ ᠡᠮᠨᠡᠯᠬᠡ ᠶ᠋ᠢᠨ ᠶᠠᠰᠤᠨ ᠤ ᠬᠤᠭᠤᠷᠡᠯ ‍ᠢ ᠵᠢᠵᠢᠭ ᠬᠠᠪᠳᠡᠰᠤ  ᠪᠡᠷ ᠪᠡᠬᠢᠯᠡᠬᠦ ᠠᠷᠭ᠎ᠠ 》 ᠵᠡᠷᠬᠡ ᠤᠯᠠᠮᠵᠢᠯᠡᠯᠳᠤ ᠡᠮᠴᠢᠯᠡᠬᠡᠨ ᠤ ᠮᠠᠲ᠋ᠧᠷᠢᠶᠡᠯ ‍ᠢ ᠡᠮᠬᠢᠳᠬᠡᠵᠤ᠂ ᠡᠳᠡᠬᠡᠷ ᠤᠯᠠᠮᠵᠢᠯᠡᠯᠳᠤ ᠡᠮᠴᠢᠯᠡᠬᠡᠨ ᠤ ᠠᠷᠭ᠎ᠠ ᠶ᠋ᠢ ᠤᠳᠤ ᠦᠶ᠎ᠠ ᠶ᠋ᠢᠨ ᠪᠠᠭᠠᠵᠢ ᠬᠡᠷᠡᠭᠰᠡᠯ ᠲᠠᠢ ᠤᠶᠠᠯᠳᠤᠭᠤᠯᠵᠤ᠂ ᠡᠮᠴᠢᠯᠡᠭᠡᠨ ᠤ ᠲᠤᠮᠳᠡ ᠲᠡᠯᠬᠡᠷᠡᠬᠦᠯᠤᠨ ᠬᠡᠷᠡᠭᠯᠠᠵᠤ᠂ ᠡᠯ᠎ᠠ ᠦᠡᠳᠤᠰᠤᠳᠡᠨ ᠤ ᠠᠷᠡᠳ ᠲᠦᠮᠠᠨ ᠤ ᠬᠠᠯᠠᠭᠤᠨ ᠬᠦᠷᠢᠶᠡᠯᠠᠯ ‍ᠢ ᠤᠯᠤᠭᠰᠠᠠ ᠪᠠᠶᠢᠨ᠎ᠠ᠃        

ᠾᠦᠡᠭ ᠪᠢᠡᠭ ᠡᠮᠴᠢ ᠵᠠᠰ᠂ ᠮᠦᠡᠭᠬᠦᠨ ᠵᠡᠭᠦᠦ ᠲᠥᠭᠡᠨᠡᠯᠭᠡ ᠶ᠋ᠢᠨ ᠵᠠᠰᠠᠯ ᠪᠤᠯᠤᠨ ᠮᠤᠡᠭᠭᠤᠯ ᠡᠮᠨᠡᠯᠬᠡ ᠶ᠋ᠢᠨ ᠲᠤᠷᠬᠢᠭᠤᠯᠵᠤ ᠵᠠᠰᠠᠬᠤ ᠵᠠᠰᠠᠯ ‍ᠢᠶ᠋ᠡᠷ ‍ᠢᠶ᠋ᠡᠨ ᠬᠦᠬᠡᠨᠡᠭᠤᠷ ᠮᠤᠵᠢ ᠶ᠋ᠢᠨ ᠮᠤᠵᠢ ᠶ᠋ᠢᠨ ᠪᠠᠶᠡᠳᠤ ᠪᠤᠰᠤ ᠰᠤᠶᠤᠯ ‍ᠤᠨ ᠦᠪ ᠤᠨ ᠥᠪᠯᠡᠨ ᠤᠯᠠᠮᠵᠢᠯᠠᠭᠴᠢ ᠪᠣᠯᠣᠭᠰᠠᠨ ᠪᠠᠶᠢᠨ᠎ᠠ᠃ ᠲᠡᠷᠠ ᠬᠦᠬᠡᠨᠡᠭᠤᠷ ᠮᠤᠡᠭᠭᠤᠯᠴᠤᠤᠨ ‍ᠤᠨ ᠡᠮ ᠡᠮᠨᠡᠯᠬᠡ ᠶ᠋ᠢᠨ ᠤᠶᠢᠯᠠᠰ ‍ᠢ ᠤᠯᠠᠮᠵᠢᠯᠠᠨ ᠵᠠᠯᠭᠠᠮᠵᠢᠯᠠᠬᠤ᠂ ᠨᠡᠬᠡᠬᠡᠨ ᠭᠦᠭᠵᠢᠬᠦᠯᠬᠦ ᠶ᠋ᠢᠨ ᠲᠦᠯᠦᠬᠡ ᠴᠢᠷᠮᠠᠶᠢᠨ ᠠᠵᠢᠯᠯᠠᠵᠤ᠂ ᠬᠠᠶᠢᠰᠢ ᠵᠧᠤ ᠶ᠋ᠢᠨ ᠡᠯ᠎ᠠ ᠦᠡᠳᠤᠰᠤᠳᠡᠨ ᠤ ᠠᠷᠡᠳ ᠲᠦᠮᠠᠨ ᠤ ᠡᠷᠡᠬᠦᠯ ᠡᠡᠭᠬᠡ ᠶ᠋ᠢᠨ ᠤᠶᠢᠯᠠᠰ ᠲᠤ ᠵᠤᠬᠢᠬᠤ ᠬᠤᠪᠢ ᠨᠡᠮᠡᠭᠦᠷᠢ ᠪᠡᠨ ᠦᠵᠡᠬᠦᠯᠦᠭᠰᠠᠠ ᠪᠠᠶᠢᠨ᠎ᠠ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄