ᠵᠤᠯᠠᠴᠢᠨ ᠬᠠᠮᠳᠤᠯᠢᠭ᠄ ᠮᠠᠯᠴᠢᠨ ᠲᠠᠷᠢᠶᠠᠴᠢᠨ ᠤ ᠰᠡᠳᠬᠢᠯ ᠳ᠋ᠡᠬᠢ ᠠᠪᠤᠷᠭᠤ ᠤᠳᠤᠨ

ᠤᠩᠰᠢᠭᠰᠠᠨ ᠤᠳᠠᠭ᠎ᠠ ᠄ 700    ᠨᠡᠶᠢᠳᠡᠯᠡᠭᠰᠡᠨ ᠴᠠᠭ ᠄ 2017-02-07
ᠨᠠᠶᠢᠷ ᠨᠠᠭᠠᠳᠤᠮ᠂ ᠤᠪᠤᠭᠠᠨ ᠲᠠᠬᠢᠯᠭ᠎ᠠ ᠵᠡᠷᠭᠡ ᠦᠨᠳᠦᠰᠦᠲᠡᠨ ᠤ ᠪᠠᠶᠠᠷ ᠲᠤᠷᠠᠰᠬᠠᠯ ᠤᠨ ᠡᠳᠤᠷ ᠪᠤᠶᠤ ᠤᠷᠤᠭ ᠬᠤᠷᠢᠮ ᠤᠨ ᠶᠤᠰᠤᠯᠠᠯ ᠪᠤᠯᠬᠤ ᠪᠦᠷᠢ ᠳ᠋ᠤ ᠤᠯᠠᠮᠵᠢᠯᠠᠯᠳᠤ ᠮᠤᠩᠭᠤᠯ ᠬᠦᠭᠵᠢᠮ ᠵᠢᠡᠨ ᠡᠬᠦᠷᠦᠭᠰᠡᠨ ᠬᠡᠳᠤᠨ ᠮᠠᠯᠴᠢᠨ ᠵᠠᠯᠠᠭᠤ ᠤᠷᠠᠨ ᠭᠤᠴᠤ ᠲᠤᠭᠯᠠᠯᠲᠠ ᠪᠡᠷ ᠵᠢᠡᠨ ᠬᠦᠷᠦᠯᠴᠡᠨ ᠢᠷᠡᠭᠰᠡᠨ ᠤᠯᠠᠨ ᠲᠦᠮᠡᠨ ᠵᠢᠡᠨ ᠪᠠᠶᠠᠰᠬᠠᠵᠤ ᠪᠠᠶᠢᠳᠠᠭ᠁᠁ ᠲᠡᠳᠡ ᠪᠤᠯ ᠲᠠᠷᠤᠢ ᠪᠠᠭᠠᠷᠢᠨ ᠪᠠᠷᠠᠭᠤᠨ ᠬᠤᠰᠢᠭᠤᠨ ᠤ ᠵᠤᠯᠠᠴᠢᠨ ᠭᠠᠴᠠᠭᠠᠨ ᠤ ᠵᠤᠯᠠᠴᠢᠨ ᠬᠠᠮᠳᠤᠯᠢᠭ ᠤᠨ ᠬᠢᠨ ᠪᠤᠯᠤᠨ᠎ᠠ᠃ ᠦᠨᠳᠦᠰᠦᠲᠡᠨ ᠤ ᠲᠠᠭᠤᠤ ᠤᠷᠠᠯᠢᠭ ᠵᠢᠡᠨ ᠭᠡᠰᠡᠨ ᠭᠠᠯ ᠬᠠᠯᠠᠭᠤᠨ ᠰᠡᠳᠬᠢᠯ ᠵᠢᠡᠷ ᠵᠠᠮ ᠨᠡᠶᠢᠯᠡᠭᠰᠡᠨ ᠲᠤᠰ ᠬᠠᠮᠳᠤᠯᠢᠭ ᠤᠨ ᠬᠢᠨ ᠨᠤᠳᠤᠭ ᠤᠰᠤᠨ  ᠳ᠋ᠠᠭᠠᠨ ᠠᠯᠳᠠᠷ ᠴᠤᠤ ᠶᠡᠭᠡᠲᠠᠢ ᠪᠠᠶᠢᠳᠠᠭ ᠠᠵᠢ᠃ ᠵᠤᠯᠠᠴᠢᠨ ᠭᠡᠳᠡᠭ ᠪᠤᠯ ᠲᠡᠳᠡᠨ ᠤ ᠨᠤᠳᠤᠭ ᠤᠨ ᠨᠡᠷ᠎ᠡ᠃ ᠬᠠᠮᠳᠤᠯᠢᠭ ᠤᠨ ᠠᠬᠠᠯᠠᠭᠴᠢ ᠪᠠᠭᠠᠳᠤᠷ᠄ 《 ᠪᠢ ᠪᠡᠭᠡᠵᠢᠩ᠂ ᠭᠤᠸᠠᠩᠵᠸᠤ ᠵᠡᠷᠭᠡ ᠭᠠᠵᠠᠷ ᠵᠢᠡᠷ ᠲᠠᠭᠤᠤ ᠲᠠᠭᠤᠯᠠᠨ ᠠᠮᠢ ᠵᠢᠭᠤᠵᠤ ᠪᠠᠶᠢᠭᠰᠠᠨ᠃ ᠲᠡᠷᠡ ᠦᠶ᠎ᠡ ᠳ᠋ᠤ ᠪᠢ ᠰᠡᠯᠡᠬᠦᠦ ᠭᠠᠷᠪᠠᠯ ᠨᠤᠳᠤᠭ ᠤᠨ ᠲᠠᠭᠤᠤ ᠪᠡᠨ ᠰᠤᠨᠤᠰᠴᠦ ᠯᠡ ᠰᠠᠭᠤᠳᠠᠭ᠂ ᠤᠴᠢᠷ ᠨᠢ ᠬᠦᠢ ᠪᠡᠨ ᠲᠠᠯᠪᠢᠭᠰᠠᠨ ᠨᠤᠳᠤᠭ ᠤᠰᠤ ᠮᠢᠨᠢ ᠡᠨᠳᠡ ᠪᠠᠶᠢᠳᠠᠭ᠃ ᠵᠤᠯᠠᠴᠢᠨ ᠨᠤᠳᠤᠭ ᠤᠨ ᠦᠷ᠎ᠡ ᠪᠤᠯᠤᠭᠰᠠᠨ ᠤ ᠬᠤᠪᠢ ᠳ᠋ᠥ ᠬᠠᠮᠢᠭ᠎ᠠ ᠶᠠᠪᠤᠭᠰᠠᠨ ᠴᠦ ᠨᠤᠳᠤᠭ ᠵᠢᠡᠨ ᠮᠠᠷᠳᠠᠬᠤ ᠦᠭᠡᠢ 》 ᠭᠡᠵᠤ ᠪᠠᠶᠢᠯ᠎ᠠ᠃         

ᠵᠤᠯᠠᠴᠢᠨ ᠬᠠᠮᠳᠤᠯᠢᠭ 2004 ᠤᠨ ᠳ᠋ᠤ ᠪᠠᠶᠢᠭᠤᠯᠤᠭᠳᠠᠭᠰᠠᠨ ᠶᠤᠮ᠂ ᠬᠠᠮᠳᠤᠯᠢᠭ ᠤᠨ 5  ᠪᠦᠷᠢᠯᠳᠦᠬᠦᠨ ᠨᠢ ᠴᠦᠮ ᠪᠠᠭᠠᠷᠢᠨ ᠪᠠᠷᠠᠭᠤᠨ ᠬᠤᠰᠢᠭᠤᠨ ᠤ ᠵᠤᠯᠠᠴᠢᠨ ᠭᠠᠴᠠᠭᠠᠨ ᠤ ᠠᠷᠠᠳ ᠤᠨ ᠤᠷᠠᠯᠢᠬᠴᠢᠨ᠃ ᠵᠤᠯᠠᠴᠢᠨ ᠬᠠᠮᠳᠤᠯᠢᠭ ᠨᠢ 2006 ᠤᠨ ᠳ᠋ᠤ ᠨᠠᠢᠮᠠᠨ ᠮᠤᠵᠢ ᠤᠷᠤᠨ ᠤ ᠳᠠᠭᠤᠤ ᠶᠢᠨ ᠤᠷᠤᠯᠳᠤᠭᠠᠨ ᠳ᠋ᠤ ᠰᠢᠯᠢᠳᠡᠭ ᠱᠠᠩᠨᠠᠯ ᠬᠦᠷᠳᠡᠪᠡ᠂ 2009 ᠤᠨ ᠡᠴᠡ 2010 ᠤᠨ ᠳ᠋ᠤ ᠦᠪᠡᠷᠲᠡᠭᠡᠨ ᠵᠠᠰᠠᠬᠤ ᠤᠷᠤᠨ ᠤ ᠠᠷᠪᠠᠨ ᠰᠢᠯᠢᠳᠡᠭ ᠠᠷᠠᠳ ᠤᠨ ᠤᠷᠠᠯᠢᠭ ᠤᠨ ᠪᠦᠯᠬᠦᠮ ᠤᠨ ᠢᠷᠠᠭᠤ ᠠᠯᠳᠠᠷ ᠢ ᠬᠦᠷᠲᠡᠪᠡ᠃ 2010 ᠤᠨ ᠳ᠋ᠤ ᠤᠯᠠᠭᠠᠨᠬᠠᠳᠠ ᠬᠤᠲᠠ ᠵᠢᠨ ᠮᠠᠯᠴᠢᠨ ᠲᠠᠷᠢᠶᠠᠴᠢᠨ ᠤ ᠬᠠᠮᠳᠤᠷᠠᠭᠰᠠᠨ  ᠲᠤᠭᠯᠠᠯᠲᠠ ᠳ᠋ᠤ 《 ᠦᠵᠡᠰᠬᠦᠯᠡᠩᠳᠤ ᠰᠠᠢᠬᠠᠨ ᠪᠠᠭᠠᠷᠢᠨ 》 ᠭᠡᠬᠦ ᠪᠦᠲᠦᠭᠡᠯ ᠵᠢᠡᠷ ᠵᠢᠡᠨ ᠨᠢᠭᠡᠳᠦᠭᠡᠷ ᠲᠡᠰ ᠤᠨ ᠱᠠᠩᠨᠠᠯ ᠬᠦᠷᠲᠡᠪᠡ᠂ 2012 ᠤᠨ ᠳ᠋ᠤ ᠬᠤᠩᠱᠠᠨ ᠤ ᠰᠤᠶᠤᠯ ᠤᠨ ᠨᠠᠶᠢᠷ ᠤᠨ ᠳᠠᠭᠤᠤ ᠶᠢᠨ ᠤᠷᠤᠯᠳᠤᠭᠠᠨ ᠤ ᠬᠤᠶᠠᠳᠤᠭᠠᠷ ᠲᠡᠰ ᠤᠨ ᠱᠠᠩᠨᠠᠯ ᠬᠦᠷᠲᠡᠪᠡ᠃ ᠡᠬᠦᠪᠡᠷ ᠪᠠᠷᠠᠬᠤ ᠦᠭᠡᠢ ᠪᠠᠰᠠ ᠠᠯᠳᠠᠷᠳᠤ ᠲᠠᠭᠤᠴᠢᠨ ᠶᠢᠨ ᠰᠢᠦ ᠮᠸᠢ᠂ ᠠᠯᠳᠠᠨᠴᠡᠴᠡᠭ᠂ ᠤᠶᠤᠨᠪᠢᠯᠢᠭ᠌ ᠵᠡᠷᠭᠡ ᠨᠡᠷᠡᠳᠤ ᠬᠦᠮᠦᠰ ᠲᠠᠢ ᠬᠠᠮᠳᠤ ᠲᠤᠭᠯᠠᠯᠲᠠ ᠭᠠᠷᠭᠠᠵᠤ ᠦᠩᠭᠡᠷᠡᠵᠠᠢ᠃ ᠡᠳᠡᠭᠡᠷ ᠦᠩᠭᠡᠷᠡᠯᠲᠡ ᠨᠢ ᠲᠡᠳᠡᠨ ᠳ᠋ᠤ ᠡᠷᠬᠢᠮ ᠨᠠᠨᠳᠢᠨ ᠦᠪ ᠬᠦᠷᠦᠩᠭᠡ ᠪᠤᠯᠤᠭᠰᠠᠨ ᠮᠦᠷᠲᠡᠭᠡᠨ ᠪᠠᠰᠠ ᠤᠷᠠᠯᠢᠭ ᠤᠨ ᠦᠢᠯᠡᠰ ᠤᠨ ᠬᠢᠨ ᠠᠶᠠᠨ ᠤ ᠲᠦᠷᠦᠭᠡ ᠵᠢ ᠴᠢᠩᠭᠠᠯᠠᠭᠰᠠᠭᠠᠷ ᠪᠠᠶᠢᠨ᠎ᠠ᠃ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄