ᠲᠠᠪᠤᠨ ᠥᠩᠭᠡ ᠶ᠋ᠢᠨ ᠬᠠᠳᠠᠭ

ᠤᠩᠰᠢᠭᠰᠠᠨ ᠤᠳᠠᠭ᠎ᠠ ᠄ 631    ᠨᠡᠶᠢᠳᠡᠯᠡᠭᠰᠡᠨ ᠴᠠᠭ ᠄ 2017-02-07

ᠲᠠᠪᠤᠨ ᠥᠩᠭᠡ ᠶ᠋ᠢᠨ ᠬᠠᠳᠠᠭ ᠢ ᠬᠠᠳᠠᠭᠠᠯᠠᠬᠤ ᠨᠢ ᠪᠤᠶᠠᠨ ᠲᠣᠭᠲᠠᠭᠠᠵᠤ ᠪᠠᠶᠠᠨ ᠴᠢᠨᠡᠭᠡᠯᠢᠭ᠂ ᠭᠠᠢ ᠭᠠᠷᠤᠵᠠ ᠦᠭᠡᠢ᠂ ᠡᠩᠭᠡ ᠲᠦᠪᠰᠢᠨ ᠶᠠᠪᠤᠬᠤ ᠶ᠋ᠢ ᠪᠡᠯᠭᠡᠳᠡᠳᠡᠭ᠃ ᠲᠠᠪᠤᠨ ᠥᠩᠭᠡ ᠶ᠋ᠢᠨ ᠬᠠᠳᠠᠭ ‍ᠢ ᠳᠠᠷᠠᠭᠠᠬᠢ ᠳᠠᠷᠠᠭᠠᠯᠠᠯ ᠢᠶᠠᠷ ᠪᠠᠶᠢᠷᠢᠯᠠᠭᠤᠯᠬᠤ ᠪᠥᠭᠡᠳ ᠥᠩᠭᠡ ᠪᠦᠷᠢ ᠥᠪᠡᠷ᠂ ᠥᠪᠡᠷ ᠦᠨ ᠤᠳᠬ᠎ᠠ ᠰᠠᠨᠠᠭ᠎ᠠ ᠶ᠋ᠢ  ᠢᠯᠡᠷᠬᠡᠶᠢᠯᠡᠵᠦ ᠪᠠᠶᠢᠳᠠᠭ᠃ 


  


1᠂ ᠴᠡᠩᠬᠡᠷ ᠬᠠᠳᠠᠭ᠄ ᠮᠥᠩᠬᠡ ᠲᠩᠷᠢ ᠶ᠋ᠢᠨ ᠥᠩᠭᠡ᠂ ᠠᠮᠤᠷ ᠲᠠᠶᠢᠪᠦᠩ ᠤᠨ ᠪᠡᠯᠭᠡᠳᠡᠯ᠂ ᠠᠯᠢᠪᠠ ᠬᠣᠣᠷᠯᠠᠯ ᠦᠢᠯᠡᠳᠬᠦ ᠬᠣᠣᠷᠲᠠᠨ ᠳᠠᠶᠢᠰᠤᠨ ᠪᠦᠭᠦᠳᠡ ᠶ᠋ᠢ ᠭᠡᠰᠬᠡᠨ ᠴᠡᠭᠡᠷᠯᠡᠭᠦᠯᠬᠦ ᠦᠢᠯᠡ ᠶ᠋ᠢ ᠪᠦᠲᠦᠭᠡᠨ᠎ᠡ᠃ ᠴᠡᠩᠬᠡᠷ ᠥᠩᠭᠡ ᠶ᠋ᠢᠨ ᠬᠠᠳᠠᠭ ᠢ ᠲᠦᠭᠡᠮᠡᠯ ᠬᠡᠷᠡᠭᠯᠡᠳᠡᠭ ᠪᠥᠭᠡᠳ ᠥᠪᠡᠷ ᠬᠣᠭᠣᠷᠣᠨᠳᠣ ᠪᠠᠨ ᠠᠬ᠎ᠠ ᠲᠡᠭᠦᠦᠰ  ᠳ᠋ᠡᠬᠡᠨ ᠪᠠᠷᠢᠵᠤ ᠵᠣᠯᠭᠠᠳᠠᠭ᠃     

2᠂ ᠰᠢᠷ᠎ᠠ ᠬᠠᠳᠠᠭ᠄ ᠠᠯᠢᠪᠠ ᠮᠠᠭᠤ ᠪᠦᠬᠦᠨ ᠢ ᠵᠠᠶᠢᠯᠠᠭᠤᠯᠵᠤ᠂ ᠴᠣᠭ ᠵᠣᠯᠪᠣᠭ᠎ᠠ᠂ ᠨᠠᠰᠤ ᠪᠤᠶᠠᠨ᠂ ᠲᠡᠭᠦᠰ ᠡᠳ᠋ᠯᠡᠯ᠂ ᠢᠷᠠᠭᠤ ᠠᠯᠳᠠᠷ᠂ ᠱᠠᠰᠢᠨ ᠤ ᠢᠵᠠᠭᠤᠷ ᠦᠨᠳ᠋ᠦᠰᠦ ᠶ᠋ᠢ ᠰᠢᠨ᠎ᠡ ᠶ᠋ᠢᠨ ᠰᠠᠷᠠ ᠮᠡᠲᠦ ᠳᠡᠯᠭᠡᠷᠡᠭᠦᠯᠬᠦ ᠦᠢᠯᠡ ᠶ᠋ᠢ ᠪᠦᠲᠦᠭᠡᠨ᠎ᠡ᠃ ᠰᠢᠷ᠎ᠠ ᠥᠩᠭᠡ ᠶ᠋ᠢᠨ ᠬᠠᠳᠠᠭ ᠢ ᠪᠠᠭᠰᠢ ᠳᠤ ᠪᠠᠨ ᠪᠠᠷᠢᠳᠠᠭ ᠪᠥᠭᠡᠳ ᠥᠭᠡᠷ᠎ᠡ ᠬᠦᠮᠦᠨ ᠳ᠋ᠥ ᠪᠠᠷᠢᠳᠠᠭ ᠦᠭᠡᠢ᠃     

3᠂ ᠴᠠᠭᠠᠨ ᠬᠠᠳᠠᠭ᠄  ᠡᠬᠡ ᠶ᠋ᠢᠨ ᠰᠦᠨ ᠦ ᠥᠩᠭᠡ ᠲᠡᠢ᠂ ᠰᠡᠳᠬᠢᠯ ᠠᠷᠢᠭᠤᠨ᠂ ᠪᠣᠳᠢ ᠰᠡᠳᠬᠢᠯ ᠲᠡᠢ᠂ ᠥᠭᠯᠢᠭᠡᠴᠢ  ᠪᠤᠶᠠᠨ ᠲᠠᠢ᠃ ᠬᠠᠷᠠᠩᠭᠤᠢ ᠶ᠋ᠢ ᠭᠡᠶᠢᠭᠦᠯᠳᠡᠭ ᠠᠮᠣᠷᠯᠢᠩᠭᠣᠢ ᠶ᠋ᠢᠨ ᠥᠩᠭᠡ ᠤᠴᠢᠷ ᠡᠪᠡᠳᠴᠢᠨ᠂ ᠪᠠᠷᠴᠢᠳ᠂ ᠠᠳᠠ᠂ ᠲᠣᠳᠬᠠᠷ᠂ ᠬᠤᠯᠠᠭᠠᠢ ᠳᠡᠭᠡᠷᠡᠮ ‍ᠢ ᠠᠷᠢᠯᠭᠠᠬᠤ᠂ ᠰᠠᠨᠠᠭᠰᠠᠨ ᠵᠦᠢᠯ ᠢ ᠪᠦᠲᠦᠭᠡᠬᠦ ᠳᠦ ᠪᠡᠯᠭᠡᠰᠢᠶᠡᠳᠡᠭ᠃ ᠴᠠᠭᠠᠨ ᠥᠩᠭᠡ ᠶ᠋ᠢᠨ ᠬᠠᠳᠠᠭ ‍ᠢ ᠬᠠᠮᠤᠭ ‍ᠤᠨ ᠰᠠᠶᠢᠨ ᠰᠠᠶᠢᠬᠠᠨ᠂ ᠬᠦᠨᠳ᠋ᠦᠳᠬᠡᠳᠡᠭ ᠬᠦᠮᠦᠨ ᠳ᠋ᠡᠬᠡᠨ ᠡᠷᠭᠦᠨ ᠪᠠᠷᠢᠳᠠᠭ᠃


   


4᠂ ᠤᠯᠠᠭᠠᠨ ᠬᠠᠳᠠᠭ᠄ ᠭᠠᠯ ᠭᠣᠯᠣᠮᠲᠠ ᠪᠠᠳᠠᠷᠠᠨ ᠳᠡᠭᠡᠭᠰᠢᠯᠡᠬᠦ ᠶ᠋ᠢᠨ ᠪᠡᠯᠭᠡᠳᠡᠯ᠃ ᠶᠢᠷᠳᠢᠨᠴᠦ ᠶ᠋ᠢᠨ ᠶᠢᠰᠤᠨ ᠬᠦᠰᠡᠯ ᠢ ᠪᠦᠷᠢᠳ᠋ᠦᠭᠦᠯᠬᠦ ᠪᠦᠬᠦ ᠵᠦᠢᠯ ᠢ ᠥᠪᠡᠷᠲᠡᠭᠡᠨ ᠪᠤᠶᠤ ᠨᠠᠰᠢ ᠪᠠᠨ ᠬᠤᠷᠢᠶᠠᠬᠤ ᠦᠢᠯᠡ ᠶ᠋ᠢ ᠪᠦᠲᠦᠭᠡᠨ᠎ᠡ᠃ ᠪᠤᠷᠬᠠᠨ ᠱᠠᠰᠢᠨ ᠤ ᠲᠠᠪᠤᠨ ᠮᠠᠬᠠᠪᠣᠳ ᠤᠨ ᠲᠤᠰᠬᠠᠢ ᠦᠢᠯᠡ ᠳᠦ ᠬᠡᠷᠡᠭᠯᠡᠳᠡᠭ ᠪᠥᠭᠡᠳ ᠬᠦᠮᠦᠰ ᠲᠦ ᠪᠠᠷᠢᠵᠤ ᠵᠣᠯᠭᠠᠳᠠᠭ ᠦᠭᠡᠢ᠃    

5᠂ ᠨᠣᠭᠣᠭᠠᠨ ᠬᠠᠳᠠᠭ᠄ ᠳᠡᠯᠭᠡᠷᠡᠨ ᠠᠷᠪᠢᠵᠢᠬᠤ ᠶ᠋ᠢᠨ ᠪᠡᠯᠭᠡᠳᠡᠯ ᠲᠠᠢ᠃ ᠨᠣᠭᠣᠭᠠᠨ ᠥᠩᠭᠡ  ᠶ᠋ᠢᠨ ᠬᠠᠳᠠᠭ ᠢ ᠪᠤᠷᠬᠠᠨ ᠱᠠᠰᠢᠨ ‍ᠤ ᠲᠠᠪᠤᠨ ᠮᠠᠬᠠᠪᠣᠳ ‍ᠢ ᠪᠡᠯᠭᠡᠳᠡᠭᠰᠡᠨ ᠲᠤᠰᠬᠠᠢ ᠦᠢᠯᠡ ᠳᠦ ᠬᠡᠷᠡᠭᠯᠡᠳᠡᠭ ᠪᠥᠭᠡᠳ ᠬᠦᠮᠦᠰ ᠲᠦ ᠪᠠᠷᠢᠵᠤ ᠵᠣᠯᠭᠠᠳᠠᠭ ᠦᠭᠡᠢ᠃ 

ᠳᠠᠷᠠᠭᠠᠯᠠᠯ ᠢᠶᠡᠨ ᠬᠠᠮᠤᠭ ᠤᠨ ᠳᠡᠭᠡᠷ᠎ᠡ ᠨᠢ ᠴᠡᠩᠬᠡᠷ᠂ ᠴᠡᠩᠬᠡᠷ ‍ᠦᠨ ᠳᠣᠣᠷ᠎ᠠ ᠰᠢᠷ᠎ᠠ᠂ ᠰᠢᠷ᠎ᠠ ᠶ᠋ᠢᠨ ᠳᠣᠣᠷ᠎ᠠ ᠴᠠᠭᠠᠨ᠂ ᠤᠯᠠᠭᠠᠨ᠂ ᠨᠣᠭᠣᠭᠠᠨ ᠭᠡᠰᠡᠨ ᠳᠠᠷᠠᠭᠠᠯᠠᠯ ᠢᠶᠠᠷ ᠲᠠᠯᠪᠢᠨ᠎ᠠ᠃



                   


ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄