ᠮᠣᠩᠭᠣᠯ ᠦᠨᠳᠦᠰᠦᠲᠡᠨ ‍ᠤ ᠠᠯᠳᠠᠷᠲᠤ ᠳᠠᠭᠤᠴᠢᠨ᠂ ᠵᠦᠴᠦᠭᠡᠴᠢᠨ ᠴᠢᠯᠠᠭᠣ

ᠤᠩᠰᠢᠭᠰᠠᠨ ᠤᠳᠠᠭ᠎ᠠ ᠄ 659    ᠨᠡᠶᠢᠳᠡᠯᠡᠭᠰᠡᠨ ᠴᠠᠭ ᠄ 2017-02-07

      ᠴᠢᠯᠠᠭᠣ᠂ ᠮᠣᠩᠭᠣᠯ ᠦᠨᠳᠦᠰᠦᠲᠡᠨ ‍ᠤ ᠠᠯᠳᠠᠷᠲᠤ ᠳᠠᠭᠤᠴᠢᠨ᠂ ᠵᠦᠴᠦᠭᠡᠴᠢᠨ᠂ ᠤᠯᠤᠰ ‍ᠤᠨ ᠨᠢᠭᠡᠳᠦᠭᠡᠷ ᠳᠡᠰ ‍ᠤᠨ ᠲᠣᠭᠯᠠᠭᠴᠢ᠃ ᠵᠢᠷᠢᠮ ᠠᠶᠢᠮᠠᠭ ( ᠣᠳᠣ ᠶ᠋ᠢᠨ ᠲᠦᠩᠯᠢᠶᠣᠣ ᠬᠣᠲᠠ ) ᠤᠨ ᠵᠠᠷᠣᠳ ᠬᠣᠰᠢᠭᠣᠨ ᠤ ᠨᠢᠭᠡᠨ ᠮᠠᠯᠴᠢᠨ ᠤ ᠭᠡᠷ ᠪᠥᠯᠢ ᠳ᠋ᠦ ᠲᠥᠷᠥᠵᠥ᠂ 1975 ᠣᠨ ᠳ᠋ᠥ ᠵᠠᠷᠣᠳ ᠬᠣᠰᠢᠭᠣᠨ ᠤ ᠪᠠᠶᠠᠷᠲᠣᠬᠣᠰᠢᠭᠣ ᠨᠢᠭᠡᠲᠥᠯ ᠦᠨ ᠬᠣᠪᠣᠯᠲᠣ ᠪᠠᠷᠢᠭᠠᠳᠠ ᠶ᠋ᠢᠨ ᠣᠷᠠᠨ ᠰᠠᠶᠢᠬᠠᠨ ᠤ ᠠᠩᠭᠢ ᠳ᠋ᠤ ᠰᠣᠩᠭᠣᠭᠳᠠᠨ ᠣᠷᠣᠵᠣ᠂ 1976 ᠣᠨ ᠳ᠋ᠥ ᠵᠠᠷᠣᠳ ᠬᠣᠰᠢᠭᠣᠨ ᠤ ᠤᠯᠠᠭᠠᠨᠮᠦ᠋ᠴᠢᠷ ᠲᠤ ᠣᠷᠣᠪᠠ᠃ 1985 ᠣᠨ ᠳ᠋ᠥ ᠥᠪᠥᠷ ᠮᠣᠩᠭᠣᠯ ᠤᠨ ᠥᠨᠳᠥᠰᠦᠲᠡᠨ ᠦ ᠵᠦᠴᠦᠭᠡ ᠶ᠋ᠢᠨ ᠪᠥᠯᠬᠦᠮ ᠳ᠋ᠥ ᠠᠵᠢᠯ ᠰᠢᠯᠵᠢᠵᠦ ᠳᠠᠭᠣᠯᠠᠯᠲᠦ ᠵᠦᠴᠦᠭᠡ ᠶ᠋ᠢᠨ ᠲᠣᠭᠯᠠᠭᠴᠢ ᠪᠣᠯᠣᠭᠰᠠᠨ ᠪᠥᠭᠡᠳ ᠮᠥᠨ ᠵᠢᠯ ᠳ᠋ᠡᠬᠡᠨ ᠲᠥᠪ ᠦᠨ ᠳᠠᠭᠣᠣ ᠬᠥᠭᠵᠢᠮ ᠦᠨ ᠳᠡᠭᠡᠳᠦ ᠰᠣᠷᠭᠠᠭᠣᠯᠢ ᠶ᠋ᠢᠨ ᠳᠠᠭᠣᠯᠠᠬᠣᠢ ᠶ᠋ᠢᠨ ᠰᠠᠯᠪᠣᠷᠢ ᠳ᠋ᠥ ᠰᠢᠯᠭᠠᠭᠳᠠᠨ ᠣᠷᠣᠵᠣ ᠰᠢᠰᠲ᠋ᠸᠮ ᠲᠠᠢ ᠰᠣᠷᠣᠯᠴᠠᠯᠭ᠎ᠠ ᠪᠠᠨ ᠡᠬᠢᠯᠡᠭᠦᠯᠵᠦ᠂ ᠠᠯᠳᠠᠷᠳᠣ ᠰᠣᠷᠭᠠᠨ ᠬᠦᠮᠦᠵᠢᠯᠲᠡᠨ ᠸᠠᠩ ᠹᠦ᠋ ᠽᠧᠩ ᠪᠠ ᠠᠯᠳᠠᠷᠲᠣ ᠳᠠᠭᠣᠴᠢᠨ ᠯᠢ ᠱᠤᠸᠠᠩ ᠵᠢᠶᠠᠩ ᠳ᠋ᠥ ᠱᠠᠪᠢᠯᠠᠪᠠ᠃ ᠴᠢᠯᠠᠭᠣ ᠡᠳᠦᠭᠡ ᠬᠦᠷᠲᠡᠯ᠎ᠡ ᠳᠠᠭᠣᠯᠠᠯᠲᠣ ᠵᠥᠵᠥᠭᠡ ᠵᠠᠭᠣ ᠭᠠᠷᠣᠢ ᠵᠣᠭᠢᠶᠠᠨ ᠪᠥᠲᠥᠭᠡᠵᠦ᠂ ᠳᠠᠭᠣᠣ ᠵᠠᠭᠣ ᠭᠠᠷᠣᠢ ᠵᠣᠭᠢᠶᠠᠨ ᠪᠥᠲᠦᠭᠡᠵᠠᠢ᠃ ᠲᠡᠷᠡ ᠬᠣᠷᠴᠢᠨ ᠠᠷᠠᠳ ᠤᠨ ᠣᠷᠲᠣ ᠶ᠋ᠢᠨ ᠳᠠᠭᠣᠣ ᠶ᠋ᠢ ᠥᠷᠦᠨᠡᠳᠠᠬᠢᠨ ᠤ ᠭᠣᠶᠢᠳᠠ ᠳᠠᠭᠣᠯᠠᠯᠭ᠎ᠠ ᠶ᠋ᠢᠨ ᠠᠷᠭ᠎ᠠ ᠲᠠᠢ ᠣᠶᠠᠯᠳᠣᠭᠣᠯᠥᠨ ᠳᠠᠭᠣᠯᠠᠵᠣ᠂ ᠬᠣᠷᠴᠢᠨ ᠠᠷᠠᠳ ᠤᠨ ᠣᠷᠲᠣ ᠶ᠋ᠢᠨ ᠳᠠᠭᠣᠣ ᠶ᠋ᠢ ᠰᠢᠨ᠎ᠡ ᠨᠢᠭᠡᠨ ᠬᠢᠷᠢ ᠲᠦᠪᠰᠢᠨ ᠳ᠋ᠥ ᠬᠦᠷᠭᠡᠪᠡ᠃ 2010 ᠣᠨ ᠤ 6 ᠰᠠᠷ᠎ᠠ ᠳ᠋ᠥ ᠥᠪᠡᠷᠳᠡᠭᠡᠨ ᠵᠠᠰᠠᠬᠣ ᠣᠷᠣᠨ ᠤ ᠰᠣᠶᠣᠯ ᠤᠨ ᠲᠢᠩᠬᠢᠮ ᠡᠴᠡ ᠴᠢᠯᠠᠭᠣ ᠳ᠋ᠥ《 ᠥᠪᠥᠷ ᠮᠣᠩᠭᠣᠯ ᠤᠨ ᠥᠪᠡᠷᠳᠡᠭᠡᠨ ᠵᠠᠰᠠᠬᠣ ᠣᠷᠣᠨ ᠤ ᠪᠣᠳᠠᠰ ᠤᠨ ᠪᠣᠰᠣ ᠰᠣᠶᠣᠯ ᠤᠨ ᠥᠪ ᠦᠨ ᠲᠥᠷᠥᠯ ᠵᠥᠢᠯ ᠦᠨ ᠮᠣᠩᠭᠣᠯ ᠥᠨᠳᠥᠰᠥᠲᠡᠨ ᠦ ᠠᠷᠠᠳ ‍ᠤᠨ ᠣᠷᠲᠣ ᠶ᠋ᠢᠨ ᠳᠠᠭᠣᠣ ᠶ᠋ᠢᠨ ᠲᠦᠯᠦᠭᠡᠯᠡᠬᠦ ᠴᠢᠨᠠᠷᠲᠠᠢ ᠣᠯᠠᠮᠵᠢᠯᠠᠭᠴᠢ 》 ᠶ᠋ᠢᠨ ᠥᠨᠡᠮᠯᠡᠯ ᠣᠯᠭᠣᠵᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ