ᠦᠵᠦᠮᠦᠴᠢᠨ ᠤ ᠮᠡᠨᠳᠦᠴᠢᠯᠡᠬᠦ ᠶᠤᠰᠤᠨ ᠪᠠ ᠪᠢᠳᠡᠭᠦᠯᠡᠵᠦ ᠰᠢᠨᠡᠯᠡᠬᠦ ᠵᠠᠩ ᠦᠢᠯᠡ

ᠤᠩᠰᠢᠭᠰᠠᠨ ᠤᠳᠠᠭ᠎ᠠ ᠄ 724    ᠨᠡᠶᠢᠳᠡᠯᠡᠭᠰᠡᠨ ᠴᠠᠭ ᠄ 2017-01-23

ᠪᠢᠳᠡᠭᠦᠯᠡᠵᠦ ᠰᠢᠨᠡᠯᠡᠬᠦ ᠪᠤᠯ ᠮᠤᠩᠭᠤᠯᠴᠦᠳ ᠤᠨ ᠰᠠᠷ᠎ᠠ ᠰᠢᠨ᠎ᠡ ᠶ᠋ᠢᠨ ᠬᠤᠭᠤᠴᠠᠭᠠᠨ ᠳ᠋ᠠᠬᠢ ᠨᠢᠭᠡ ᠵᠢᠯ ᠤᠨ ᠠᠵᠢᠯ ᠦᠢᠯᠡᠰ ᠦᠭᠡᠳᠡ ᠡᠰᠡᠷᠡᠭ ᠡᠷᠦᠭᠡ ᠭᠡᠷ ᠤᠨ ᠬᠦᠮᠦᠨ ᠵᠤᠨ ᠤ ᠵᠤᠯ ᠵᠢᠷᠭᠠᠯ ᠦᠯᠵᠠᠢ ᠪᠡᠯᠭᠡ ᠲᠠᠢ᠂ ᠤᠷᠳᠤ ᠨᠠᠰᠤᠯᠠᠨ ᠤᠳᠠᠭᠠᠨ ᠵᠢᠷᠭᠠᠬᠤ ᠪᠠ ᠮᠠᠯ ᠰᠦᠷᠦᠭ ᠤᠨ ᠦᠨᠢᠷ ᠦᠰᠦᠯᠳᠡ ᠤᠯᠬᠤ᠂ ᠨᠡᠶᠢᠳᠡ ᠪᠠᠷ ᠠᠮᠤᠭᠤᠯᠠᠩ ᠡᠩᠬᠡ ᠪᠠᠶᠢᠬᠤ ᠪᠠᠨ ᠵᠦᠩᠨᠡᠭᠰᠡᠨ ᠨᠡᠶᠢᠳᠡᠮ ᠤᠨ ᠴᠢᠨᠠᠷ ᠲᠠᠢ ᠦᠪᠡᠳᠡᠭᠰᠢ ᠶᠡᠬᠡ ᠪᠡᠯᠭᠡᠯᠡᠬᠦ ᠠᠵᠢᠯᠯᠠᠭ᠎ᠠ ᠪᠤᠯᠤᠨ᠎ᠠ᠃ ᠡᠭᠦᠨ ᠳᠤ ᠦᠵᠦᠮᠦᠴᠢᠨ ᠠᠶᠢᠮᠠᠭ ᠤᠨ ᠪᠢᠳᠡᠭᠦᠯᠡᠵᠦ ᠰᠢᠨᠡᠯᠡᠬᠦ ᠶᠤᠰᠤᠨ  ᠪᠤᠯ ᠬᠠᠭᠤᠴᠢᠨ ᠵᠢᠯ ᠤᠨ ᠡᠴᠦᠰ ᠤᠨ ᠨᠢᠭᠡ ᠡᠳᠦᠷ ᠪᠠ ᠰᠢᠨ᠎ᠡ ᠵᠢᠯ ᠤᠨ ᠡᠬᠢᠨ ᠤ ᠨᠢᠭᠡᠨ ᠡᠳᠦᠷ ᠢ  ᠪᠠᠶᠠᠷᠯᠠᠨ ᠲᠤᠷᠡᠰᠬᠠᠬᠤ ᠤᠯᠠᠮᠵᠢᠯᠠᠯᠳᠦ ᠦᠢᠯᠡ ᠠᠵᠢᠯᠯᠠᠭ᠎ᠠ ᠶ᠋ᠢᠨ ᠭᠤᠤᠯ ᠬᠡᠯᠪᠡᠷᠢ ᠪᠤᠯᠵᠦ ᠪᠠᠶᠢᠳᠠᠭ᠃ ᠲᠡᠭᠡᠪᠡᠴᠦ  ᠰᠢᠨᠡᠯᠡᠬᠦ ᠰᠠᠷ᠎ᠠ ᠰᠢᠨ᠎ᠡ ᠳᠤ ᠵᠤᠷᠢᠭᠤᠯᠤᠭᠰᠠᠨ ᠦᠢᠯᠡ ᠠᠵᠢᠯᠯᠠᠭ᠎ᠠ ᠨᠢ ᠪᠠᠷᠤᠭ ᠰᠠᠷ᠎ᠠ ᠰᠢᠬᠠᠮ ᠤᠨ ᠴᠠᠭ ᠬᠤᠭᠤᠴᠠᠭ᠎ᠠ ᠬᠡᠷᠡᠭᠰᠡᠳᠡᠭ ᠶᠤᠮ᠃ ᠰᠠᠷ᠎ᠠ ᠰᠢᠨ᠎ᠡ ᠶ᠋ᠢᠨ ᠠᠵᠢᠯᠯᠠᠭ᠎ᠠ ᠨᠢ ᠬᠦᠭᠡ ᠰᠠᠷ᠎ᠠ ᠶ᠋ᠢᠨ ᠭᠠᠯ ᠲᠠᠬᠢᠯᠭ᠎ᠠ ᠡᠴᠡ ᠡᠬᠢᠯᠡᠵᠦ᠂ ᠰᠢᠨ᠎ᠡ ᠨᠤᠲᠤᠭ ᠰᠡᠷᠭᠦᠵᠦ ᠪᠠᠭᠤᠬᠤ᠂ ᠰᠢᠨ᠎ᠡ ᠶ᠋ᠢᠨ ᠮᠤᠷᠢᠳ ᠢᠶᠡᠨ ᠬᠦᠩᠭᠡᠷᠡᠭᠡᠬᠦ᠂ ᠬᠡᠤᠬᠡᠨ ᠦᠷ᠎ᠡ ᠪᠠᠨ ᠡᠷᠬᠢᠵᠦ ᠦᠵᠡᠬᠦ᠂ ᠠᠬᠠᠮᠠᠳ  ᠨᠠᠰᠤᠳᠠᠳ ᠤᠨ ᠵᠢᠯ ᠤᠰᠤᠨ ᠢ ᠤᠷᠤᠭᠤᠯᠬᠤ᠂ ᠵᠠᠰᠠᠯ ᠤᠨ ᠬᠤᠪᠴᠠᠰᠦ ᠬᠤᠨᠠᠷ ᠢᠶᠡᠨ ᠪᠡᠯᠡᠳᠦᠬᠦ᠂ ᠰᠢᠨ᠎ᠡ ᠶ᠋ᠢᠨ ᠪᠤᠤᠪᠤ᠋ ᠬᠠᠭᠠᠷᠢᠬᠤ ᠪᠠ ᠤᠭᠤᠴᠠ ᠰᠢᠭᠦᠰᠦ ᠪᠠᠨ ᠪᠤᠯᠭᠤᠬᠤ᠂ ᠪᠠᠩᠰᠢ ᠪᠤᠤᠵᠠ ᠪᠠᠨ ᠪᠤᠭᠤᠵᠦ ᠲᠠᠯᠪᠢᠬᠤ᠂ ᠰᠢᠨ᠎ᠡ ᠶ᠋ᠢᠨ ᠬᠤᠪᠢ ᠲᠦᠭᠡᠭᠡᠬᠦ᠂ ᠠᠯᠳᠠᠨ ᠤᠪᠤᠭ᠎ᠠ ᠪᠠᠨ ᠪᠤᠰᠬᠠᠬᠤ᠂ ᠪᠤᠷᠬᠠᠨ ᠲᠠᠬᠢᠯ ᠢᠶᠡᠨ ᠵᠠᠰᠠᠬᠤ᠂ ᠪᠢᠳᠡᠭᠦᠨ ᠤ ᠴᠠᠢ ᠤᠤᠭᠤᠯᠭᠠᠬᠤ᠂ ᠰᠢᠨᠡᠯᠡᠵᠦ ᠮᠠᠨᠳᠤᠴᠢᠯᠠᠨ ᠵᠤᠯᠭᠠᠬᠤ᠂ ᠰᠢᠨ᠎ᠡ ᠶ᠋ᠢᠨ ᠴᠠᠢ ᠤᠤᠭᠤᠯᠭᠠᠬᠤ ᠵᠡᠷᠭᠡ ᠮᠠᠰᠢ ᠤᠯᠠᠨ ᠵᠠᠩ  ᠦᠢᠯᠡ ᠶ᠋ᠢ ᠬᠢᠵᠦ ᠭᠦᠢᠴᠡᠳᠭᠡᠳᠡᠭ ᠤᠴᠢᠷᠳᠡᠢ ᠪᠠᠶᠢᠳᠠᠭ᠃        

ᠰᠢᠨ᠎ᠡ ᠨᠤᠲᠤᠭ ᠰᠡᠷᠭᠦᠵᠦ ᠪᠠᠭᠤᠬᠤ᠃ ᠦᠵᠦᠮᠦᠴᠢᠨ ᠮᠠᠯᠴᠢᠳ ᠰᠠᠷ᠎ᠠ ᠰᠢᠨ᠎ᠡ ᠪᠤᠯᠬᠤ ᠤᠶᠢᠷᠠᠳᠤᠬᠤ ᠳᠤ ᠨᠤᠲᠤᠭ ᠰᠡᠷᠭᠦᠵᠦ ᠪᠠᠭᠤᠳᠠᠭ᠂ ᠠᠷᠢᠭᠤᠨ ᠴᠡᠪᠡᠷ ᠨᠤᠲᠤᠭ ᠪᠡᠯᠴᠢᠭᠡᠷ ᠰᠡᠷᠭᠦᠭᠡᠬᠦ ᠪᠤᠯ ᠬᠠᠭᠤᠴᠢᠨ ᠰᠢᠷᠦᠢ ᠲᠤᠭᠤᠰᠤ ᠪᠠᠨ ᠭᠦᠪᠢᠵᠦ᠂ ᠠᠯᠢᠪᠠ ᠪᠤᠵᠠᠷ ᠮᠠᠭᠤᠬᠠᠢ ᠵᠦᠢᠯ ᠢ ᠤᠷᠬᠢᠵᠦ᠂ ᠠᠷᠢᠭᠤᠨ ᠴᠡᠪᠡᠷ ᠦᠯᠵᠠᠢ ᠪᠡᠯᠭᠡ ᠲᠠᠢ ᠪᠠᠶᠢᠬᠤ ᠶ᠋ᠢ  ᠪᠡᠯᠭᠡᠳᠡᠭᠰᠡᠨ ᠶᠠᠪᠤᠳᠠᠯ ᠶᠤᠮ᠂ ᠰᠢᠨ᠎ᠡ ᠰᠤᠷᠭᠤᠭ ᠤᠷᠴᠢᠨ ᠲᠤᠭᠤᠷᠢᠨ ᠳᠤ ᠬᠦᠮᠦᠨ ᠪᠦᠬᠦᠳᠡ ᠰᠡᠳᠭᠢᠯ ᠲᠠᠭᠠᠯᠠᠮᠵᠢᠳᠠᠢ᠂ ᠮᠠᠯ ᠰᠦᠷᠦᠭ ᠦᠶᠦᠭ ᠴᠠᠳᠬᠤᠯᠠᠩ ᠪᠠᠶᠢᠬᠤ ᠪᠤᠯᠤᠨ᠎ᠠ᠃ ᠰᠢᠨ᠎ᠡ ᠨᠤᠲᠤᠭ ᠪᠠᠭᠤᠬᠤ ᠳ᠋ᠠᠭᠠᠨ ᠭᠡᠷ ᠤᠨ ᠲᠤᠭᠤᠨᠤ ᠤᠨᠢ ᠪᠠᠨ ᠠᠷᠴᠢᠨ ᠵᠦᠯᠭᠦᠵᠦ᠂ ᠰᠢᠨ᠎ᠡ  ᠪᠦᠷᠢᠶᠠᠰᠦ ᠨᠤᠮᠦᠷᠭᠡᠨ ᠤᠯᠤᠩ ᠤᠭᠤᠰᠤᠷ ᠢᠶᠡᠨ ᠰᠢᠨᠡᠳᠭᠡᠵᠦ ᠪᠦᠰᠡᠯᠡᠬᠦ᠂ ᠰᠢᠨ᠎ᠡ ᠭᠦᠰᠢᠭᠡ ᠲᠠᠳᠠᠵᠦ᠂ ᠰᠢᠨ᠎ᠡ ᠰᠢᠷᠳᠡᠭ ᠭᠡᠪᠢᠰ ᠲᠠᠪᠢᠰᠳᠠᠭ᠌᠃ ᠰᠢᠨ᠎ᠡ ᠨᠤᠲᠤᠭ ᠪᠠᠭᠤᠭᠰᠠᠨ ᠢᠶᠠᠷ ᠮᠠᠯ ᠤᠨ ᠪᠡᠯᠴᠢᠭᠡᠮᠵᠢ ᠤᠶᠢᠷᠠᠳᠤᠵᠦ᠂ ᠮᠤᠷᠢ ᠠᠷᠭᠠᠮᠵᠢᠵᠦ ᠬᠤᠨᠤᠬᠤ ᠳᠤ ᠴᠤ ᠲᠦᠬᠦᠮ ᠪᠤᠯᠳᠠᠭ᠃        

ᠰᠢᠨ᠎ᠡ ᠶ᠋ᠢᠨ ᠮᠤᠷᠢᠳ ᠢᠶᠡᠨ ᠬᠦᠩᠭᠡᠷᠡᠭᠡᠬᠦ᠃ ᠮᠠᠯᠴᠢᠳ ᠶᠠᠷᠤ ᠨᠢ ᠤᠨᠤᠭᠠᠷᠢ ᠶ᠋ᠢᠨ ᠮᠤᠷᠢᠳ ᠢᠶᠡᠨ  ᠤᠯᠠᠷᠢᠯ ᠢᠶᠠᠷ ᠤᠨᠤᠵᠦ ᠡᠳ᠋ᠯᠡᠳᠡᠭ᠂ ᠡᠪᠤᠯ ᠬᠠᠪᠤᠷ ᠤᠨ ᠤᠨᠤᠬᠤ ᠮᠤᠷᠢᠳ ᠤᠯᠠᠩᠬᠢ ᠳ᠋ᠠᠭᠠᠨ ᠲᠠᠷᠭᠤᠨ ᠴᠠᠳᠬᠤᠯᠠᠩ ᠪᠠᠶᠢᠳᠠᠭ ᠢᠶᠠᠷ ᠬᠠᠭᠠᠰ ᠰᠠᠷ᠎ᠠ ᠶ᠋ᠢᠨ ᠡᠮᠦᠨ᠎ᠡ ᠪᠠᠷᠢᠵᠦ ᠬᠦᠩᠭᠡᠷᠡᠭᠡᠬᠦ ᠠᠵᠦ ᠲᠠᠢ ᠪᠠᠶᠢᠳᠠᠭ᠃ ᠢᠩᠭᠢᠪᠡᠯ ᠮᠤᠷᠢᠨ ᠤ ᠠᠮᠢᠰᠬᠤᠭ᠎ᠠ  ᠠᠭᠤᠵᠢᠮᠳᠠᠬᠤ᠂ ᠬᠦᠴᠦ ᠲᠠᠷᠭᠤ ᠨᠢ ᠲᠤᠭᠳᠠᠭᠤᠨ ᠪᠤᠯᠵᠦ ᠴᠢᠩᠭᠠᠷᠠᠳᠠᠭ᠃ ᠡᠶᠢᠮᠦ ᠪᠠᠷ ᠲᠠᠪᠬᠢᠬᠤ ᠳᠤ ᠲᠡᠭᠡᠭᠡᠷ᠎ᠡ ᠦᠭᠡᠢ ᠪᠤᠯᠳᠠᠭ᠃ ᠰᠠᠷ᠎ᠠ ᠰᠢᠨ᠎ᠡ ᠶ᠋ᠢᠨ ᠪᠠᠶᠠᠷ ᠲᠤ᠂ ᠦᠵᠣᠮᠣᠴᠢᠨ ᠨᠣᠳᠣᠭ ᠲᠤ ᠤᠶᠢᠷ᠎ᠠ ᠤᠷᠴᠢᠮ ᠤᠨ ᠠᠶᠢᠯ ᠡᠷᠣᠬᠡ ᠪᠠᠷ ᠢᠯᠭᠠᠯ ᠦᠭᠡᠢ ᠳᠠᠷᠠᠭᠠᠯᠠᠨ ᠣᠷᠣᠵᠣ ᠰᠢᠨ᠎ᠡ ᠶ᠋ᠢᠨ ᠵᠣᠯᠭᠠᠯᠳᠠ ᠬᠢᠳᠡᠭ ᠤᠴᠢᠷ ᠲᠠᠢ᠂ ᠭᠡᠬᠦ ᠳ᠋ᠡᠬᠡᠨ ᠠᠶᠢᠯ ᠡᠷᠦᠬᠡ ᠶ᠋ᠢᠨ ᠬᠤᠯᠠ ᠤᠶᠢᠷ᠎ᠠ ᠶ᠋ᠢᠨ ᠬᠤᠭᠤᠷᠤᠳᠤᠬᠢ ᠵᠠᠢ ᠨᠢ ᠠᠳᠠᠯᠢ ᠦᠭᠡᠢ ᠪᠤᠯᠬᠤᠷ ᠮᠤᠷᠢᠨ ᠬᠤᠷᠤᠬᠠᠶᠢᠳᠠᠳ ᠤᠨ ᠮᠤᠷᠢᠨ ᠤ ᠬᠤᠷᠳᠤ ᠪᠠ ᠲᠠᠭᠠᠭᠠᠴᠠ ᠪᠠᠨ ᠮᠡᠳᠡᠭᠡᠯᠴᠡᠵᠦ᠂ ᠠᠶᠠᠨᠳᠠᠭᠠᠨ ᠮᠣᠷᠢᠨ ‍ᠤ ᠬᠣᠷᠳᠣᠨ᠂ ᠮᠣᠷᠢᠨ ‍ᠤ ᠴᠢᠳᠠᠯ ᠬᠦᠴᠥᠨ ‍ᠢ ᠠᠳ᠋ᠨᠯᠢᠳᠬᠠᠨ ᠢᠯᠡᠷᠡᠬᠥᠯᠬᠥ ᠰᠠᠶᠢᠬᠠᠨ ᠳᠣᠬᠢᠶᠠᠯ ᠪᠣᠯᠳᠠᠭ᠃ ᠡᠭᠦᠨ ᠢᠶᠠᠷ ᠬᠤᠷᠳᠤᠨ ᠮᠤᠷᠢᠨ ᠤ ᠵᠤᠭᠤᠭ  ᠲᠡᠯᠭᠡᠭᠳᠡᠵᠦ᠂ ᠨᠡᠩ ᠢᠯᠠᠩᠭᠤᠶ᠎ᠠ ᠭᠦᠶᠦᠳᠡᠭ ᠤᠳᠤᠮ ᠤᠨ ᠠᠳᠤᠭᠤ ᠲᠠᠢ ᠠᠶᠢᠯ ᠤᠨ ᠠᠭᠳᠠ ᠮᠤᠷᠢᠳ ᠡᠵᠡᠨ ᠤ ᠪᠠᠨ ᠨᠠᠷ᠎ᠠ ᠶ᠋ᠢ ᠠᠯᠳᠠᠷᠰᠢᠭᠤᠯᠵᠦ ᠪᠠᠶᠢᠳᠠᠭ᠃ ᠬᠦᠳᠡᠭᠡ ᠨᠤᠲᠤᠭ ᠤᠨ ᠦᠢᠯᠡᠳᠪᠦᠷᠢᠯᠡᠯ ᠤᠨ ᠲᠤᠭᠤᠶᠢᠯᠠᠩ ᠤᠨ ᠬᠤᠭᠤᠷᠤᠨᠳᠤ᠂ ᠬᠤᠶᠠᠷ ᠨᠢᠭᠡᠴᠡ ᠶ᠋ᠢᠨ ᠬᠤᠭᠤᠷᠤᠨᠳᠤ ᠰᠠᠷ᠎ᠠ ᠰᠢᠨ᠎ᠡ ᠶ᠋ᠢᠨ ᠮᠤᠷᠢᠨ  ᠤᠷᠤᠯᠳᠤᠭᠠᠨ ᠪᠤᠯ ᠶᠡᠬᠡ ᠨᠢᠵᠢᠭᠡᠷ ᠶᠠᠪᠤᠭᠳᠠᠳᠠᠭ ᠪᠠᠶᠢᠭᠰᠠᠨ᠂ ᠬᠤᠷᠳᠤᠨ ᠮᠤᠷᠢ ᠪᠠ ᠭᠠᠩᠭᠠᠨ ᠮᠤᠷᠢ ᠪᠤᠯ ᠮᠤᠩᠭᠤᠯ ᠡᠷ᠎ᠡ ᠬᠦᠮᠦᠨ ᠤ ᠬᠡᠶᠢᠮᠦᠷᠢ ᠵᠢᠪᠬᠤᠭ᠎ᠠ ᠪᠤᠯᠵᠦ ᠪᠠᠶᠢᠳᠠᠭ ᠶᠤᠮᠰᠠᠨ᠃        

ᠬᠡᠤᠬᠡᠨ ᠦᠷ᠎ᠡ ᠪᠠᠨ ᠡᠷᠬᠢᠵᠦ ᠦᠵᠡᠬᠦ᠃ ᠨᠡᠭᠦᠳᠡᠯ ᠮᠠᠯᠵᠢᠯ ᠤᠨ ᠨᠦᠬᠦᠴᠠᠯ ᠡᠴᠡ ᠪᠤᠯᠵᠦ᠂ ᠬᠠᠷᠢᠯᠠᠨ ᠮᠤᠷᠳᠠᠭᠰᠠᠨ ᠠᠮᠠᠷᠠᠭ ᠬᠤᠩᠭᠤᠷ ᠬᠡᠤᠬᠡᠨ ᠦᠷ᠎ᠡ ᠪᠠᠨ ᠡᠷᠭᠢᠵᠦ ᠦᠵᠡᠬᠦ ᠶᠠᠪᠤᠳᠠᠯ ᠪᠤᠯ ᠰᠠᠷ᠎ᠠ ᠰᠢᠨ᠎ᠡ ᠶ᠋ᠢᠨ ᠨᠢᠭᠡᠨ ᠪᠠᠶᠠᠷ ᠤᠨ ᠪᠠᠰᠠ ᠨᠢᠭᠡᠨ ᠴᠢᠬᠤᠯᠠ ᠠᠭᠤᠯᠭ᠎ᠠ ᠪᠤᠯᠵᠦ ᠪᠠᠶᠢᠳᠠᠭ᠃ ᠤᠷᠴᠢᠮ ᠤᠨ ᠵᠠᠭᠤᠨ ᠭᠠᠵᠠᠷ ᠤᠨ ᠲᠤᠲᠤᠷᠠᠬᠢ ᠮᠤᠷᠳᠠᠭᠰᠠᠨ ᠬᠡᠤᠬᠡᠨ ᠨᠥᠭᠥᠳ ᠢᠶᠡᠨ ᠵᠠᠪᠠᠯ ᠡᠷᠬᠢᠵᠦ ᠦᠵᠡᠭᠰᠡᠨ ᠪᠠᠶᠢᠬᠤ ᠤᠴᠢᠷᠳᠠᠢ᠂ ᠡᠭᠦᠨ ᠳᠤ ᠦᠭᠬᠦ ᠪᠡᠯᠡᠭ ᠤᠨ ᠶᠠᠭᠤᠮᠠᠰ ᠢᠶᠡᠨ ᠸᠠᠳᠠᠩᠨᠠᠨ ᠪᠤᠭᠤᠵᠦ ᠰᠠᠶᠢᠳᠦᠷ ᠴᠢᠩᠭ᠎ᠠ ᠤᠶᠠᠭᠠᠳ᠂ ᠮᠦᠷᠦᠪᠴᠢᠯᠠᠨ ᠡᠭᠦᠷᠴᠦ ᠠᠭᠳᠠ ᠮᠤᠷᠢᠨ ᠳ᠋ᠠᠭᠠᠨ ᠮᠤᠷᠳᠡᠵᠦ ᠡᠷᠭᠢᠯᠳᠡ ᠶ᠋ᠢᠨ ᠵᠠᠮ ᠳ᠋ᠠᠭᠠᠨ  ᠤᠷᠤᠳᠠᠭ ᠪᠢᠯᠡ᠃  ᠡᠷᠭᠢᠭᠡᠴᠢᠨ ᠨᠢ ᠬᠦᠷᠦᠭᠰᠡᠨ ᠬᠤᠳᠠᠤᠷᠤᠭ ᠲᠠᠭᠠᠨ ᠶᠡᠬᠡ ᠬᠦᠨᠳᠦᠳᠠᠢ ᠪᠠᠶᠢᠳᠠᠭ ᠪᠦᠭᠡᠳ ᠬᠦᠭᠡᠷᠴᠦ ᠨᠠᠶᠢᠷᠯᠠᠵᠦ᠂ ᠨᠠᠷᠢᠨ ᠬᠤᠭᠤᠯᠠ ᠪᠠᠷ ᠵᠤᠴᠢᠯᠠᠭᠤᠯᠵᠦ ᠪᠤᠴᠠᠳᠠᠭ ᠠᠵᠠᠢ᠃ ᠠᠯᠤᠰ ᠤᠨ ᠡᠷᠭᠢᠭᠡᠴᠡᠨ ᠨᠢ ᠲᠠᠯ ᠢ ᠨᠢ ᠵᠠᠰᠠᠭᠰᠠᠨ ᠭᠤᠸᠠᠯᠢᠭ ᠭᠠᠩᠭᠠᠨ ᠮᠤᠷᠢᠨ ᠳ᠋ᠠᠭᠠᠨ ᠮᠦᠩᠭᠦᠨ ᠡᠮᠡᠭᠡᠯ ᠢᠶᠡᠨ ᠲᠤᠬᠤᠵᠦ᠂ ᠭᠤᠶᠤᠮᠰᠤᠭ ᠬᠤᠪᠴᠠᠰᠤ ᠪᠠᠨ ᠡᠮᠦᠰᠴᠦ᠂ ᠬᠥᠨᠳᠡᠯᠡᠨ ᠦ ᠭᠠᠵᠠᠷ ᠲᠤ ᠡᠷ᠎ᠡ ᠬᠦᠮᠦᠨ ᠤ ᠪᠠᠨ ᠰᠠᠶᠢᠨ ᠰᠠᠶᠢᠬᠠᠨ ᠢ ᠭᠠᠶᠢᠬᠠᠭᠤᠯᠤᠩᠬᠠᠨ ᠶᠠᠪᠤᠳᠠᠭ ᠶᠤᠮᠰᠠᠨ᠃ ᠦᠵᠦᠮᠦᠴᠢᠨ ᠤ 《 ᠡᠭᠦᠷ ᠰᠡᠭᠦᠯᠳᠦ ᠮᠤᠷᠢ 》 ᠭᠡᠬᠦ ᠤᠷᠳᠤ ᠶ᠋ᠢᠨ ᠲᠠᠭᠤᠤ ᠪᠤᠯ ᠶᠠᠭ ᠬᠡᠤᠬᠡᠨ ᠦᠷ᠎ᠡ ᠪᠠᠨ ᠡᠷᠭᠢᠬᠦ ᠪᠠᠷ ᠶᠠᠪᠤᠵᠦ ᠪᠠᠶᠢᠬᠤ ᠦᠶ᠎ᠡ ᠶ᠋ᠢᠨ ᠲᠠᠭᠤᠤ ᠶᠤᠮ᠂ ᠲᠡᠷᠡ ᠲᠠᠭᠤᠤ ᠶ᠋ᠢᠨ ᠦᠬᠡ ᠳᠤ᠄

ᠡᠭᠦᠷ ᠨᠢ ᠰᠡᠭᠦᠯ ᠲᠠᠢ ᠯᠠ ᠦᠷᠢᠶᠡᠨ ᠮᠤᠷᠢ ᠡ     

ᠦᠵᠦᠮᠦᠴᠢᠨ ᠤ ᠬᠢᠨᠢ ᠭᠡᠭᠦᠤ ᠶ᠋ᠢᠨ ᠮᠢᠨᠢ ᠤᠨᠠᠭᠠᠨ ᠮᠤᠷᠢ ᠰᠢᠤ ᠳ᠋ᠠ        

ᠠ ᠭᠦ᠋᠂ ᠬᠦᠭᠡᠷᠦᠭᠦᠢ ᠯᠠ ᠮᠤᠷᠢ ᠮᠢᠨᠢ        

ᠦᠰᠦ ᠪᠠᠨ ᠲᠠᠯᠪᠢᠰᠤᠩᠬᠠᠨ ᠪᠦᠰᠡᠭᠦᠢ ᠲᠡᠭᠦᠤ ᠮᠢᠨᠢ        

ᠦᠵᠡᠭᠳᠡᠭᠦᠢ ᠯᠠ ᠠᠭᠤᠯᠠ ᠶ᠋ᠢᠨ ᠢᠶᠡᠨ ᠬᠠᠮᠢᠭᠠᠭᠤᠷ ᠨᠢ ᠪᠠᠶᠢᠬᠤ ᠪᠤᠯ ᠳ᠋ᠠ        

ᠠ ᠬᠦ᠋᠂ ᠬᠦᠭᠡᠷᠦᠭᠦᠢ ᠯᠠ ᠬᠤᠩᠭᠤᠷ ᠮᠢᠨᠢ ᠡ᠃        

ᠠᠬᠠᠮᠠᠳ  ᠨᠠᠰᠤᠳᠠᠳ ᠤᠨ  ᠵᠢᠯ  ᠤᠰᠤᠨ ᠢ  ᠤᠷᠤᠭᠤᠯᠬᠤ᠃ ᠦᠵᠦᠮᠦᠴᠢᠨ ᠪᠤᠭᠤᠷᠤᠯᠴᠦᠳ  ᠦᠷ᠎ᠡ ᠬᠡᠤᠬᠡᠳ ᠢᠶᠡᠨ 《ᠵᠢᠯ ᠢᠶᠡᠨ ᠲᠤᠯᠤᠭ᠎ᠠ ᠤᠷᠤᠭᠤᠯ 》ᠭᠡᠵᠦ ᠢᠷᠦᠭᠡᠨ ᠵᠢᠯ ᠢ ᠨᠢ ᠤᠷᠤᠭᠤᠯᠳᠠᠭ᠂ ᠡᠨᠡ ᠨᠢ ᠲᠠᠷᠤᠢ ᠠᠷᠪᠠᠨ ᠭᠤᠷᠪᠠ᠂ ᠬᠤᠷᠢᠨ ᠲᠠᠪᠤ᠋᠂ ᠭᠤᠴᠢᠨ ᠲᠤᠯᠤᠭ᠎ᠠ᠂ ᠲᠦᠴᠢ ᠶᠢᠰᠦ᠂ ᠵᠢᠷᠠᠨ ᠨᠢᠭᠡ᠂ ᠲᠠᠯᠠᠨ ᠭᠤᠷᠪᠠ᠂ ᠨᠠᠶᠠᠨ ᠲᠠᠪᠤ᠋  ᠪᠤᠶᠤ᠃ ᠤᠤᠯ  ᠨᠢ ᠵᠢᠯ ᠤᠷᠤᠭᠤᠯᠬᠤ ᠨᠠᠰᠤᠨ ᠪᠠᠶᠠᠷ ᠢ ᠰᠠᠳᠤᠨ ᠲᠦᠷᠦᠯ ᠲᠤᠲᠤᠷ᠎ᠠ ᠪᠠᠨ ᠭᠤᠤᠯᠳᠠᠭᠤ  ᠪᠡᠯᠭᠡᠯᠡᠵᠦ ᠪᠠᠶᠢᠭᠰᠠᠨ ᠶᠤᠮ᠂ ᠭᠡᠬᠦ ᠳ᠋ᠡᠬᠡᠨ ᠵᠢᠷᠠᠨ ᠨᠠᠰᠤᠨ ᠡᠴᠡ ᠲᠡᠭᠡᠭᠰᠢ ᠨᠦᠬᠦᠴᠡᠯ ᠲᠠᠢ ᠨᠢ 《ᠰᠸᠶᠢᠩ ᠤᠨ  ᠨᠠᠭᠠᠳᠤᠮ 》 ᠲᠠᠢ ᠪᠠᠶᠢᠵᠦ᠂ ᠲᠡᠷᠢᠭᠦᠨ ᠱᠠᠩ ᠢ  ᠪᠢᠷᠠᠭᠤ  ᠲᠠᠯᠪᠢᠳᠠᠭ ᠪᠤᠯᠤᠭᠰᠠᠨ ᠭᠡᠵᠦ ᠨᠠᠰᠤᠳᠠᠶᠢᠴᠦᠳ ᠬᠠᠭᠤᠴᠢᠯᠠᠳᠠᠭ᠃ ᠲᠡᠭᠦᠨ ᠡᠴᠡ ᠲᠤᠷᠤᠭᠰᠢ ᠨᠢ ᠪᠠᠭᠠᠴᠦᠳ ᠲᠡᠭᠦᠤ ᠨᠠᠷ ᠨᠢ ᠬᠦᠷᠴᠦ ᠵᠢᠯ ᠢ  ᠨᠢ ᠤᠷᠤᠭᠤᠯᠳᠠᠭ᠂ ᠠᠬᠠᠮᠠᠳ ᠬᠦᠮᠦᠰ ᠲᠡᠭᠦᠤ ᠨᠠᠷ ᠤᠨ ᠵᠢᠯ ᠢ ᠬᠦᠷᠴᠦ ᠤᠷᠤᠭᠤᠯᠬᠤ ᠦᠭᠡᠢ᠂ ᠬᠠᠷᠢᠨ ᠲᠡᠭᠦᠮᠡᠳ ᠨᠢ ᠬᠦᠷᠴᠤ ᠤᠷᠤᠭᠤᠯᠳᠠᠭ ᠵᠠᠩᠰᠢᠯ ᠲᠠᠢ ᠶᠤᠮ᠃ ᠲᠦᠴᠢ ᠶᠢᠰᠦ ᠡᠴᠡ ᠲᠤᠷᠤᠭᠰᠢ ᠬᠦᠮᠦᠰ ᠵᠢᠯ ᠢᠶᠡᠨ ᠠᠶᠢᠯ ᠲᠤᠭᠤᠷᠢᠨ ᠤᠷᠤᠭᠤᠯᠳᠠᠭ ᠪᠠᠶᠢᠪᠠ᠃ ᠵᠢᠯ ᠤᠷᠤᠭᠤᠯᠬᠤ ᠨᠢ ᠠᠬᠠᠮᠠᠳ ᠨᠠᠰᠤᠳᠠᠳ ᠢᠶᠡᠨ ᠪᠠᠶᠠᠰᠬᠠᠬᠤ᠂ ᠢᠳᠡᠷ ᠵᠠᠯᠠᠭᠤᠰ ᠪᠠᠭᠠᠴᠦᠳ ᠤᠨ ᠢᠶᠡᠨ ᠤᠷᠳᠤ ᠨᠠᠰᠤᠯᠠᠵᠦ  ᠤᠳᠠᠭᠠᠨ ᠵᠢᠷᠭᠠᠬᠤ ᠶ᠋ᠢ ᠠᠷᠪᠠᠨ ᠬᠤᠶᠠᠷ ᠡᠷᠬᠡᠳᠡᠨ ᠤ ᠵᠢᠯ ᠤᠨ ᠡᠷᠭᠢᠯᠳᠡ ᠳᠤ ᠨᠢᠭᠡ ᠤᠳᠠᠭ᠎ᠠ ᠪᠠᠯᠭᠡᠯᠡᠵᠦ ᠪᠠᠶᠢᠬᠤ ᠤᠴᠢᠷ ᠶᠤᠮ᠃        

ᠵᠠᠰᠠᠯ ᠤᠨ ᠬᠤᠪᠴᠠᠰᠦ ᠬᠤᠨᠠᠷ ᠢᠶᠡᠨ ᠪᠡᠯᠡᠳᠦᠬᠦ᠃ ᠰᠠᠷ᠎ᠠ ᠰᠢᠨᠡᠳ ᠤᠨ ᠪᠠᠶᠠᠷ ᠲᠤ ᠠᠶᠢᠯ ᠡᠷᠦᠬᠡ ᠶ᠋ᠢᠨ ᠪᠦᠷᠢᠯᠳᠦᠭᠦᠨ ᠪᠦᠬᠦᠨ ᠵᠠᠪᠠᠯ ᠰᠢᠨ᠎ᠡ ᠬᠤᠪᠴᠠᠰᠤ ᠬᠤᠨᠠᠷ ᠪᠤᠶᠤ ᠨᠠᠭᠠᠳᠤ ᠵᠠᠬ᠎ᠠ ᠳ᠋ᠠᠭᠠᠨ ᠰᠢᠨᠡᠷᠬᠦᠤ ᠪᠦᠳᠦᠨ ᠬᠤᠪᠴᠠᠰᠤ ᠡᠮᠦᠰᠬᠦ ᠵᠠᠩᠰᠢᠯ ᠲᠠᠢ  ᠪᠠᠶᠢᠳᠠᠭ᠃ ᠦᠵᠦᠮᠦᠴᠢᠨ ᠭᠡᠷᠭᠡᠶᠢᠴᠤᠳ ᠡᠪᠤᠯ ᠤᠨ ᠰᠠᠷ᠎ᠠ ᠭᠠᠷᠤᠮᠠᠭᠴᠠ ᠭᠡᠷ ᠪᠦᠯᠢ ᠶ᠋ᠢᠨ ᠪᠦᠷᠢᠯᠳᠦᠭᠦᠨ ᠪᠦᠬᠦᠨ ᠳᠤ ᠭᠣᠶᠣ ᠰᠠᠶᠢᠬᠠᠨ ᠵᠠᠰᠠᠯ ᠤᠨ ᠬᠤᠪᠴᠠᠰᠤ ᠬᠢᠵᠦ ᠰᠠᠷ᠎ᠠ ᠰᠢᠨ᠎ᠡ ᠪᠤᠶᠤ ᠭᠠᠳᠠᠭᠰᠢ ᠲᠤᠲᠤᠭᠰᠢ ᠭᠠᠷᠬᠤ ᠳ᠋ᠤᠨᠢ ᠡᠮᠤᠰᠭᠡᠬᠦ ᠪᠠᠷ ᠪᠡᠯᠡᠳᠭᠡᠵᠦ ᠲᠠᠯᠪᠢᠳᠠᠭ᠃  ᠭᠡᠷ ᠤᠨ ᠡᠵᠡᠨ ᠳᠤ ᠬᠤᠷᠠᠭᠠᠨ ᠲᠤᠲᠤᠷ᠎ᠠ ᠲᠠᠢ ᠵᠤᠪᠴᠠᠭ᠎ᠠ᠂ ᠬᠠᠷ᠎ᠠ ᠬᠤᠷᠠᠭᠠᠨ ᠤᠷᠤᠢ ᠮᠠᠯᠠᠭᠠᠢ ᠪᠠ  ᠴᠢᠬᠢᠪᠴᠢ᠂ ᠤᠭᠠᠯᠵᠠᠳᠤ ᠲᠦᠷᠦᠢ ᠪᠤᠶᠤ ᠬᠤᠷᠭᠤᠢ ᠡᠮᠵᠢᠶᠡᠷᠢ ᠲᠦᠷᠦᠢ ᠲᠠᠢ ᠪᠤᠯᠢᠭᠠᠷᠢ ᠭᠤᠳᠤᠯ ᠬᠢᠳᠡᠭ ᠪᠦᠭᠡᠳ ᠨᠠᠰᠤᠳᠠᠳ ᠲᠠᠭᠠᠨ ᠲᠤᠬᠢᠷᠠᠭᠤᠯᠤᠭᠰᠠᠨ ᠲᠡᠪᠡᠯ ᠵᠤᠪᠴᠠᠭ᠎ᠠ ᠪᠤᠶᠤ ᠬᠦᠷᠡᠮ᠎ᠡ᠂ ᠬᠡᠤᠬᠡᠳ ᠲᠡᠬᠡᠨ ᠵᠤᠬᠢᠴᠠᠭᠰᠠᠨ ᠭᠤᠶᠤᠮᠰᠤᠭ ᠡᠩᠭᠡᠭᠡ ᠲᠡᠭᠳᠡᠭᠡ ᠪᠤᠶᠤ ᠪᠦᠴᠡᠮᠡᠯ ᠮᠠᠯᠠᠭᠠᠢ᠂ ᠪᠡᠶ᠎ᠡ ᠳ᠋ᠡᠬᠡᠨ ᠲᠤᠬᠢᠷᠠᠭᠰᠠᠨ ᠤᠯᠠᠭᠠᠨ ᠪᠤᠶᠤ ᠨᠤᠭᠤᠭᠠᠨ ᠲᠤᠷᠭᠠᠨ ᠬᠤᠷᠠᠭᠠᠨ ᠵᠤᠪᠴᠠᠭ᠎ᠠ ᠵᠡᠷᠭᠡ ᠬᠤᠪᠴᠠᠰᠤ ᠬᠤᠨᠠᠷ ᠢ  ᠭᠠᠷ ᠤᠨ  ᠤᠷᠠᠨ ᠢᠶᠡᠨ ᠭᠠᠶᠢᠬᠠᠭᠤᠯᠤᠨ ᠤᠷᠠᠯᠠᠨ ᠤᠶᠠᠵᠦ ᠪᠡᠯᠡᠳᠦᠨ ᠲᠠᠯᠪᠢᠳᠠᠭ ᠶᠤᠮᠰᠠᠨ᠂ ᠤᠷᠠᠨ ᠪᠦᠰᠡᠭᠦᠢ ᠪᠤᠯ  ᠭᠡᠷ ᠤᠨ ᠡᠵᠡᠨ ᠳ᠋ᠡᠬᠡᠨ ᠲᠤᠷᠭᠠᠨ ᠤᠳᠠᠰᠤ ᠪᠠᠷ ᠦᠩᠭᠡ ᠢᠯᠭᠠᠷᠠᠭᠤᠯᠤᠭᠰᠠᠨ ᠲᠠᠮᠠᠬᠢᠨ ᠬᠡᠤᠳᠡᠢ ᠪᠤᠶᠤ ᠭᠦᠭᠦᠷ ᠤᠨ ᠤᠭᠤᠳᠠ ᠤᠶᠤᠵᠦ ᠭᠠᠷ ᠤᠷᠠᠯᠠᠯ ᠤᠨ ᠵᠠᠰᠠᠯ  ᠴᠢᠮᠡᠭᠯᠡᠯ ᠬᠢᠵᠦ ᠦᠭᠳᠡᠭ᠃ ᠤᠭ ᠨᠢ ᠭᠡᠷ ᠪᠦᠯᠢ ᠶ᠋ᠢᠨ ᠠᠯᠢᠪᠠ ᠤᠶᠤᠳᠠᠯ ᠬᠢᠳᠡᠯ ᠢ ᠪᠦᠰᠡᠭᠦᠶᠢᠴᠦᠳ ᠪᠦᠬᠦᠨ ᠢ ᠬᠢᠵᠦ ᠭᠦᠢᠴᠡᠳᠭᠡᠳᠡᠭ ᠠᠵᠢᠯ  ᠬᠤᠪᠢᠳᠡᠨ ᠪᠠᠶᠢᠭ᠎ᠠ ᠶᠤᠮ᠃        

ᠰᠢᠨ᠎ᠡ ᠶ᠋ᠢᠨ ᠪᠤᠤᠪᠤ᠋ ᠬᠠᠭᠠᠷᠢᠬᠤ᠃ ᠮᠠᠯᠴᠢᠳ ᠰᠠᠷ᠎ᠠ ᠰᠢᠨ᠎ᠡ ᠶ᠋ᠢᠨ ᠪᠤᠤᠪᠤ᠋ ᠬᠠᠭᠠᠷᠢᠵᠦ᠂ ᠲᠠᠪᠠᠭ ᠵᠠᠰᠠᠬᠤ᠂ ᠪᠡᠯᠡᠭ ᠡᠷᠬᠢᠯᠳᠡ ᠳᠤ ᠶᠠᠪᠤᠭᠤᠯᠬᠤ᠂ ᠰᠢᠨ᠎ᠡ ᠶ᠋ᠢᠨ ᠬᠤᠪᠢ ᠦᠭᠬᠦ ᠵᠡᠷᠭᠡ ᠳᠤ ᠲᠤᠰᠬᠠᠢ ᠬᠡᠷᠡᠭᠯᠡᠳᠡᠭ᠃  ᠪᠤᠤᠪᠤ᠋ ᠬᠠᠭᠠᠷᠢᠬᠤ ᠳ᠋ᠠᠭᠠᠨ ᠲᠤᠭᠤᠭᠠᠨ ᠳ᠋ᠠᠭᠠᠨ ᠪᠤᠤᠪᠤ᠋ ᠬᠠᠭᠠᠷᠢᠬᠤ ᠲᠤᠰᠤ ᠪᠠᠨ ᠬᠠᠶᠢᠯᠤᠭᠤᠯᠵᠦ ᠬᠠᠯᠠᠭᠤᠯᠬᠤ ᠶᠠᠪᠤᠴᠠ ᠳᠤ ᠲᠦᠩᠫᠤᠩ ᠳᠤ ᠭᠤᠯᠢᠷ ᠢᠶᠡᠨ ᠬᠢᠵᠦ ᠲᠠᠯᠪᠢᠭᠠᠳ᠂ ᠵᠢᠭᠤᠷᠠᠬᠤ ᠰᠢᠨᠠᠭ᠎ᠠ ᠲᠠᠢ ᠤᠰᠤᠨ ᠳᠤ ᠰᠢᠷ᠎ᠠ ᠲᠤᠰᠤ᠂ ᠪᠤᠷᠠᠮ ᠱᠠᠲ᠋ᠠᠩ ᠪᠤᠶᠤ ᠰᠦᠳᠡ ᠲᠡᠷᠢᠭᠦᠳᠡᠨ ᠢᠶᠡᠨ ᠵᠤᠬᠢᠰᠳᠠᠢ ᠬᠤᠯᠢᠵᠦ ᠪᠤᠴᠠᠯᠭᠠᠭᠠᠳ ᠭᠤᠯᠢᠷ ᠲᠡᠭᠡᠷ᠎ᠡ ᠪᠠᠨ ᠬᠢᠵᠦ ᠵᠢᠭᠤᠷᠠᠭᠠᠳ ᠰᠠᠶᠢᠳᠦᠷ ᠨᠤᠬᠤᠵᠦ ᠨᠡᠶᠢᠰᠢᠭᠦᠯᠦᠭᠰᠡᠨ ᠢᠶᠡᠨ ᠠᠮᠪᠠᠨ ᠲᠡᠭᠡᠷ᠎ᠡ ᠪᠠᠨ ᠲᠦᠩᠫᠤᠩ ᠢᠶᠠᠷ ᠨᠢ ᠪᠢᠳᠡᠭᠦᠯᠡᠨ ᠨᠢᠭᠡ ᠭᠡᠰᠡᠭ ᠲᠡᠷᠦᠵᠦ ᠲᠠᠯᠪᠢᠨ᠎ᠠ᠂ ᠢᠩᠭᠢᠭᠡᠳ ᠭᠤᠯᠢᠷ ᠢᠶᠡᠨ ᠬᠡᠰᠡᠭᠯᠡᠨ ᠭᠡᠷᠴᠢᠵᠦ᠂ ᠬᠡᠰᠡᠭᠯᠡᠭᠰᠡᠨ ᠭᠡᠰᠡᠭ ᠢᠶᠡᠨ ᠠᠮᠪᠠᠨ ᠲᠡᠭᠡᠷ᠎ᠡ ᠪᠠᠨ ᠲᠠᠯᠪᠢᠨ ᠭᠠᠮᠵᠢᠳᠠᠭᠠᠳ ᠵᠤᠬᠢᠬᠤ ᠨᠢᠮᠭᠡᠨ ᠤ ᠬᠡᠮᠵᠢᠶᠡᠨ ᠳᠤ ᠬᠦᠷᠳᠡᠯ᠎ᠡ ᠡᠯᠳᠡᠭᠡᠳ ᠲᠠᠬᠢᠨ ᠪᠤᠤᠪᠤ᠋ ᠶ᠋ᠢᠨ ᠬᠡᠮᠵᠢᠶ᠎ᠡ ᠪᠠᠷ ᠬᠤᠪᠢ ᠶ᠋ᠢ ᠨᠢ ᠲᠡᠩᠴᠡᠭᠦᠯᠦᠨ ᠭᠡᠷᠴᠢᠨ᠎ᠡ᠂ ᠡᠰᠡᠪᠡᠯ ᠪᠤᠤᠪᠤ᠋ ᠶ᠋ᠢᠨ ᠬᠡᠪ ᠪᠠᠶᠢᠪᠠᠯ ᠲᠡᠷᠡ ᠬᠡᠪ ᠢᠶᠠᠷ ᠢᠶᠡᠨ ᠲᠡᠭᠰᠢᠭᠡᠨ ᠭᠡᠷᠴᠢᠵᠦ  ᠬᠢᠳᠡᠭ᠃  ᠪᠤᠤᠪᠤ᠋ ᠶ᠋ᠢᠨ ᠵᠦᠢᠯ ᠳᠤ ᠪᠤᠷᠬᠠᠨ ᠤ ᠬᠠᠶᠢᠷᠤᠭᠤᠯ ︵ ᠲᠠᠪᠠᠭ ᠵᠠᠰᠠᠬᠤ︶᠂ ᠭᠡᠰᠢᠭ ᠤᠨ ᠬᠠᠭᠠᠷᠢᠭᠤᠯ᠂ ᠲᠦᠭᠦᠷᠢᠭ ᠠᠮᠳᠠ ᠲᠠᠢ ᠪᠤᠤᠪᠤ᠋᠂ ᠴᠠᠢ ᠶ᠋ᠢᠨ ᠪᠤᠤᠪᠤ᠋᠂ ᠮᠤᠰᠭᠢᠶ᠎ᠠ ᠪᠤᠤᠪᠤ᠋᠂ ᠠᠮᠳᠠ ᠲᠠᠢ ᠲᠡᠯᠳᠡᠤ ᠪᠤᠤᠪᠤ᠋ ᠵᠡᠷᠭᠡ ᠬᠡᠯᠪᠡᠷᠢ ᠪᠠᠷ ᠶᠡᠬᠡ ᠪᠠᠭ᠎ᠠ ᠨᠢ ᠠᠳᠠᠯᠢ ᠦᠭᠡᠢ ᠬᠠᠭᠠᠷᠢᠵᠦ ᠬᠡᠤᠳᠡᠶᠢᠯᠡᠵᠦ ᠲᠠᠯᠪᠢᠳᠠᠭ ᠵᠠᠩᠰᠢᠯ ᠲᠠᠢ᠂ ᠪᠤᠤᠪᠤ᠋ ᠬᠠᠭᠠᠷᠢᠬᠤ ᠳᠤ ᠭᠠᠯ ᠤᠨ ᠢᠯᠴᠢ ᠶ᠋ᠢ ᠰᠠᠶᠢᠳᠦᠷ  ᠲᠡᠩᠴᠡᠭᠦᠯᠦᠨ᠎ᠡ᠂  ᠲᠡᠩᠳᠡᠭᠦᠤ  ᠰᠢᠷᠦᠭᠦᠨ  ᠭᠠᠯ  ᠪᠤᠶᠤ  ᠬᠡᠳᠦ ᠵᠦᠬᠡᠯᠡᠨ ᠭᠠᠯ ᠳᠤ ᠬᠠᠭᠠᠷᠢᠬᠤ ᠶ᠋ᠢ ᠬᠢᠴᠢᠶᠡᠨ᠎ᠡ᠃ ᠲᠡᠬᠢᠪᠡᠯ ᠪᠤᠤᠪᠤ᠋ ᠪᠠᠨ ᠡᠷᠭᠢᠭᠦᠯᠬᠦ᠂ ᠬᠤᠶᠠᠷ ᠲᠠᠯ᠎ᠠ ᠶ᠋ᠢ ᠨᠢ ᠲᠡᠩᠴᠡᠭᠦᠤ ᠤᠯᠠᠭᠠᠨ ᠰᠢᠷᠭᠠᠯ ᠦᠩᠭᠡ ᠲᠠᠢ ᠪᠤᠯᠭᠤᠬᠤ ᠪᠠᠷ ᠪᠠᠷᠢᠮᠵᠢᠶᠠᠯᠠᠨ᠎ᠠ᠃ ᠡᠭᠦᠨ ᠳᠤ ᠪᠤᠷᠬᠠᠨ ᠤ  ᠬᠠᠭᠠᠷᠢᠭᠤᠯ  ᠪᠤᠯ  ᠲᠠᠪᠠᠭ  ᠫᠢᠯᠡ  ᠵᠠᠰᠠᠬᠤ  ᠳᠤ ᠬᠡᠷᠡᠭᠯᠡᠬᠦ᠂ ᠭᠡᠰᠢᠭ ᠤᠨ ᠬᠠᠭᠠᠷᠢᠭᠤᠯ ᠪᠤᠯ ᠰᠢᠨᠡᠯᠡᠬᠦ ᠪᠠᠷ ᠢᠷᠡᠭᠰᠡᠳ ᠲᠦ ᠨᠢᠭᠡ ᠬᠤᠪᠢ ᠦᠭᠬᠦ᠂ ᠲᠦᠭᠦᠷᠢᠭ ᠪᠠ ᠲᠡᠯᠳᠡᠤ  ᠪᠤᠤᠪᠤ᠋ ᠶ᠋ᠢ  ᠶᠡᠬᠡᠴᠦᠳ ᠤᠨ ᠴᠠᠢ ᠶ᠋ᠢᠨ ᠬᠢᠴᠠ ᠳᠦ ᠲᠠᠯᠪᠢᠵᠦ᠂ ᠪᠤᠰᠤᠳ ᠪᠤᠤᠪᠤ᠋ ᠶ᠋ᠢ ᠬᠡᠤᠬᠡᠳ ᠪᠠᠭᠠᠴᠦᠳ ᠤᠨ ᠴᠠᠢ ᠶ᠋ᠢᠨ ᠬᠢᠴᠡ ᠪᠤᠯᠭᠠᠳᠠᠭ ᠪᠠᠶᠢᠨ᠎ᠠ᠃        

ᠤᠭᠤᠴᠠ ᠰᠢᠭᠦᠰᠦ ᠪᠠᠨ ᠪᠤᠯᠭᠤᠬᠤ᠃ ᠰᠢᠭᠦᠰᠦᠨ ᠬᠤᠨᠢ ᠶ᠋ᠢ ᠭᠠᠷᠭᠠᠬᠤ ᠳᠤ ᠢᠷᠭᠡ  ᠬᠤᠨᠢ  ᠪᠠᠶᠢᠬᠤ  ᠬᠡᠷᠡᠭᠳᠡᠢ  ᠪᠦᠭᠡᠳ ᠡᠪᠦᠯ ᠤᠨ ᠢᠳᠡᠰᠢᠨ ᠤ ᠦᠶ᠎ᠡ ᠳᠤ ᠤᠭᠤᠴᠠ ᠪᠠᠨ ᠪᠡᠯᠡᠨ ᠪᠤᠯᠭᠠᠨ ᠪᠠᠵᠠᠭᠠᠭᠰᠠᠨ ᠪᠠᠶᠢᠳᠠᠭ᠃ ᠶᠤᠰᠤ ᠭᠤᠷᠢᠮ ᠳᠠᠢ  ᠡᠪᠳᠡᠨ  ᠰᠠᠯᠭᠠᠵᠦ ᠴᠢᠨᠠᠵᠦ ᠪᠤᠯᠭᠤᠭᠤᠨ᠎ᠠ᠂ ᠤᠭᠤᠴᠠ ᠭᠠᠷᠭᠠᠬᠤ ᠳ᠋ᠠᠭᠠᠨ ᠬᠤᠨᠢᠨ ᠮᠢᠬ᠎ᠠ ᠪᠠᠨ ᠲᠤᠮᠳᠠᠭᠤᠷ ᠨᠢ ᠰᠠᠯᠭᠠᠬᠤ ᠳᠤ ᠰᠦᠪᠡᠭᠡᠨ ᠭᠤᠷᠪᠠᠨ ᠬᠠᠪᠢᠷᠭ᠎ᠠ ᠪᠠ ᠨᠢᠷᠤᠭᠤᠨ ᠤ ᠨᠠᠷᠢᠨ ᠭᠤᠷᠪᠠᠨ ᠦᠶ᠎ᠡ ᠳᠠᠢ ᠨᠢ ᠦᠶᠡᠯᠡᠨ ᠠᠪᠬᠤ ᠶ᠋ᠢᠨ ᠬᠠᠮᠳᠤ ᠬᠤᠶᠠᠷ ᠭᠤᠶ᠎ᠠ ᠶ᠋ᠢᠨ  ᠭᠤᠷᠪᠠᠨ  ᠶᠠᠰᠤ ᠶ᠋ᠢ  ᠱᠤᠯᠣᠵᠦ ᠰᠠᠯᠭᠠᠨ ᠠᠪᠤᠭᠠᠳ ᠤᠭᠤᠴᠠᠨ ᠨᠢᠷᠤᠭᠤ ᠶ᠋ᠢᠨ ᠦᠵᠦᠭᠦᠷ ᠲᠦ ᠭᠤᠷᠪᠠᠨ  ᠦᠶ᠎ᠡ  ᠦᠯᠡᠳᠡᠭᠡᠨ  ᠨᠤᠭᠤᠯᠵᠦ᠂  ᠬᠤᠩᠭᠤ ᠶ᠋ᠢᠨ  ᠵᠤᠵᠠᠭᠠᠨ ᠮᠢᠬ᠎ᠠ᠂ ᠦᠭᠡᠬᠦᠨ ᠰᠡᠭᠦᠯ ᠵᠡᠷᠭᠡ ᠶ᠋ᠢ ᠴᠦᠮ  ᠤᠭᠤᠴᠠᠨ  ᠳ᠋ᠤᠨᠢ  ᠭᠠᠷᠭᠠᠳᠠᠭ  ᠶᠤᠮ᠂  ᠲᠤᠮᠤ  ᠲᠤᠭᠤᠭᠠᠨ ᠳᠦ ᠴᠢᠨᠠᠵᠦ  ᠪᠤᠯᠭᠤᠭᠠᠳ ᠬᠦᠷᠦᠭᠡᠨ᠎ᠡ᠂ ᠰᠢᠷᠡᠭᠡᠨ ᠤ ᠤᠭᠤᠴᠠ ᠶ᠋ᠢ ᠳᠡᠪᠰᠢᠨ ᠳᠦ ᠳᠠᠪᠠᠭᠯᠠᠬᠤ ᠳ᠋ᠠᠭᠠᠨ ᠬᠤᠶᠠᠷ  ᠬᠠ  ᠬᠤᠶᠠᠷ  ᠭᠤᠶ᠎ᠠ ᠶ᠋ᠢ  ᠨᠠᠷᠢᠨ  ᠳᠠᠯ᠎ᠠ ᠪᠠᠷ  ᠨᠢ ᠳᠡᠭᠡᠭᠰᠢ ᠬᠠᠨᠳᠤᠭᠤᠯᠤᠨ ᠳᠠᠯᠪᠢᠵᠦ᠂  ᠬᠦᠵᠦᠭᠦᠤ  ᠰᠡᠭᠡᠷ ᠢ  ᠨᠢ  ᠲᠡᠷᠡᠯᠡᠭᠦᠯᠦᠨ  ᠡᠪᠴᠢᠭᠦᠤ ᠪᠠᠨ  ᠬᠤᠩᠬᠤᠷ  ᠳᠠᠯ᠎ᠠ ᠶ᠋ᠢ  ᠨᠢ  ᠳᠡᠭᠡᠭᠰᠢ ᠬᠠᠨᠳᠤᠭᠤᠯᠤᠨ ᠳᠠᠯᠪᠢᠭᠰᠠᠨ ᠢᠶᠡᠨ  ᠤᠭᠤᠴᠠ ᠪᠠᠨ  ᠳᠡᠭᠡᠷ᠎ᠡ  ᠨᠢ  ᠬᠦᠮᠦᠷᠢᠵᠦ  ᠳᠠᠯᠪᠢᠨ᠎ᠠ᠂  ᠤᠭᠤᠴᠠᠨ ᠤ  ᠳᠡᠭᠡᠷ᠎ᠡ  ᠨᠢ  ᠬᠤᠶᠢᠬᠠᠯᠠᠨ ᠪᠤᠯᠭᠤᠭᠰᠠᠨ  ᠬᠤᠨᠢᠨ  ᠲᠤᠯᠤᠭᠠᠢ ᠪᠠᠨ  ᠮᠠᠩᠨᠠᠢ ᠶ᠋ᠢ  ᠨᠢ  ᠴᠠᠭᠠᠨ  ᠰᠢᠷ᠎ᠠ  ᠲᠤᠰᠤ ᠪᠠᠷ  ᠮᠢᠯᠢᠶᠠᠵᠦ  ᠳᠠᠯᠪᠢᠳᠠᠭ᠂  ᠳᠠᠪᠠᠭᠯᠠᠬᠤ ᠳ᠋ᠠᠭᠠᠨ ᠤᠭᠤᠴᠠᠨ ᠤ ᠨᠢᠷᠤᠭᠤᠨ ᠦᠵᠦᠭᠦᠷ ᠪᠠ  ᠲᠤᠯᠤᠭᠠᠢ ᠶ᠋ᠢᠨ  ᠬᠤᠩᠰᠢᠶᠠᠷ  ᠳᠠᠯ᠎ᠠ ᠶ᠋ᠢ  ᠬᠦᠵᠦᠭᠦᠤ  ᠰᠡᠭᠡᠷ ᠤᠨ ᠵᠦᠭ ᠲᠦ  ᠬᠠᠨᠳᠤᠭᠤᠯᠤᠨ ᠳᠠᠯᠪᠢᠬᠤ ᠤᠴᠢᠷᠳᠠᠢ᠂ ᠳᠡᠭᠡᠷᠡᠬᠢ ᠪᠤᠯ ᠪᠦᠬᠦᠯᠢ ᠬᠤᠨᠢᠨ ᠤ ᠤᠭᠤᠴᠠᠨ ᠤ ᠬᠡᠯᠪᠡᠷᠢ ᠮᠠᠶᠢᠭ ᠪᠤᠯᠤᠨ᠎ᠠ᠃        

ᠪᠠᠩᠰᠢ ᠪᠤᠤᠵᠠ ᠪᠠᠨ ᠪᠤᠭᠤᠵᠦ ᠲᠠᠯᠪᠢᠬᠤ᠃ ᠰᠠᠷ᠎ᠠ ᠰᠢᠨ᠎ᠡ ᠶ᠋ᠢᠨ ᠬᠤᠭᠤᠴᠠᠭᠠᠨ ᠳᠤ ᠪᠢᠳᠡᠭᠦᠤ ᠬᠤᠭᠤᠯᠠ ᠢᠳᠡᠬᠦ ᠨᠢ  ᠠᠯᠢᠪᠠ ᠦᠢᠯᠡ ᠶᠠᠪᠤᠳᠠᠯ ᠤᠨ ᠪᠢᠳᠡᠭᠦᠤ  ᠵᠠᠩᠭᠢᠷᠠᠭ᠎ᠠ ᠶ᠋ᠢ  ᠲᠠᠶᠢᠯᠵᠦ  ᠤᠯᠠᠨ  ᠦᠢᠯᠡᠰ ᠢ  ᠨᠡᠭᠡᠭᠡᠵᠦ  ᠪᠦᠳᠦᠭᠡᠬᠦ  ᠤᠯᠠᠮᠵᠢᠯᠠᠯᠳᠤ   ᠵᠠᠩᠰᠢᠯ ᠤᠨ ᠪᠡᠯᠭᠡᠳᠡᠯ ᠤᠨ ᠴᠢᠨᠠᠷ ᠲᠠᠢ ᠢᠳᠡᠭᠡᠨ ᠪᠤᠯᠬᠤ ᠮᠦᠷᠳᠡᠭᠡᠨ ᠨᠠᠰᠤᠳᠠᠶᠢᠴᠦᠳ ᠤᠨ ᠬᠡᠢ  ᠡᠪᠡᠳᠴᠢᠨ ᠢ  ᠲᠠᠷᠤᠬᠤ  ᠠᠨᠠᠭᠠᠬᠤ  ᠤᠬᠠᠭᠠᠨ  ᠴᠤ ᠪᠠᠭᠳᠠᠵᠦ ᠪᠠᠶᠢᠬᠤ ᠶᠤᠮ᠃ ᠰᠠᠷ᠎ᠠ ᠰᠢᠨ᠎ᠡ ᠶ᠋ᠢᠨ  ᠪᠠᠶᠠᠷ ᠡᠴᠡ  ᠡᠮᠦᠨ᠎ᠡ  ᠶᠡᠬᠡ  ᠠᠵᠦ  ᠬᠢᠳᠡᠯ  ᠪᠤᠯᠭᠠᠵᠦ᠂  ᠪᠤᠤᠵᠠ  ᠪᠠᠩᠰᠢ  ᠪᠤᠭᠤᠬᠤ ᠠᠵᠢᠯ ᠢᠶᠡᠨ  ᠦᠷᠭᠦᠯᠵᠢᠯᠡᠭᠦᠯᠦᠨ᠎ᠡ᠂  ᠪᠤᠤᠵᠠ ᠶ᠋ᠢᠨ  ᠮᠢᠬ᠎ᠠ ᠨᠠᠶᠢᠷᠠᠭᠤᠯᠬᠤ ᠳ᠋ᠠᠭᠠᠨ  ᠶᠠᠭᠤᠨ ᠤ  ᠡᠮᠦᠨ᠎ᠡ   ᠬᠠᠷ᠎ᠠ   ᠮᠢᠬ᠎ᠠ ᠶ᠋ᠢ   ᠨᠠᠷᠢᠨ ᠭᠡᠷᠴᠢᠭᠰᠡᠨ ᠢᠶᠡᠨ ᠪᠠᠰᠠ ᠵᠢᠵᠢᠭᠯᠡᠨ ᠴᠠᠪᠴᠢᠵᠦ ᠬᠦᠰᠭᠡᠯᠡᠭᠡᠳ᠂ ᠲᠡᠭᠡᠷ᠎ᠡ  ᠨᠢ  ᠰᠡᠭᠦᠯ ᠤᠨ  ᠦᠭᠡᠬᠦ  ᠪᠠ  ᠰᠠᠮᠵᠠ  ᠦᠭᠡᠬᠦ ᠶ᠋ᠢ  ᠵᠤᠬᠢᠬᠤ ᠬᠡᠮᠵᠢᠶ᠎ᠡ ᠲᠠᠢ ᠲᠠᠯᠬᠠᠯᠠᠨ ᠴᠠᠪᠴᠢᠵᠦ ᠬᠤᠯᠢᠭᠠᠳ ᠲᠠᠷᠠᠭ᠎ᠠ  ᠨᠢ  ᠰᠤᠩᠬᠢᠨ᠎ᠡ᠂  ᠰᠠᠷᠢᠰᠦ᠂  ᠬᠤᠸᠠᠵᠦ᠂  ᠲᠠᠪᠤᠰᠤ  ᠵᠡᠷᠭᠡ  ᠬᠤᠯᠢᠴᠠ ᠶ᠋ᠢ ᠨᠠᠶᠢᠷᠠᠭᠤᠯᠤᠨ᠂ ᠨᠠᠶᠢᠷᠠᠭᠤᠯᠤᠭᠰᠠᠨ ᠮᠢᠬ᠎ᠠ ᠲᠠᠢ ᠪᠠᠨ ᠬᠤᠳᠬᠤᠵᠦ ᠰᠠᠶᠢᠳᠦᠷ ᠮᠠᠵᠢᠨ ᠨᠡᠶᠢᠰᠢᠭᠦᠯᠤᠨ ᠲᠠᠯᠪᠢᠨ᠎ᠠ᠃        

ᠪᠤᠤᠵᠠ ᠶ᠋ᠢᠨ ᠲᠤᠲᠤᠷ᠎ᠠ ᠨᠠᠶᠢᠷᠠᠭᠤᠯᠭ᠎ᠠ ᠪᠠᠨ  ᠪᠠᠷᠠᠭᠠᠭᠠᠳ᠂  ᠪᠤᠤᠵᠠ ᠶ᠋ᠢᠨ  ᠭᠤᠯᠢᠷ ᠢᠶᠡᠨ  ᠬᠠᠯᠠᠭᠤᠨ  ᠵᠦᠭᠡᠮᠡᠭ  ᠤᠰᠤᠨ ᠳᠤ ᠵᠢᠭᠤᠷᠠᠭᠠᠳ ᠰᠠᠶᠢᠳᠦᠷ ᠨᠤᠬᠤᠵᠦ  ᠨᠠᠶᠢᠰᠢᠭᠦᠯᠦᠭᠰᠡᠨ ᠢᠶᠡᠨ  ᠲᠦᠩᠫᠤᠩ ᠢᠶᠠᠷ  ᠲᠠᠷᠤᠵᠦ  ᠲᠠᠯᠪᠢᠨ᠎ᠠ᠃  ᠪᠠᠭ᠎ᠠ  ᠤᠳᠠᠰᠬᠢᠭᠡᠳ  ᠠᠮᠪᠠᠨ ᠲᠡᠭᠡᠷ᠎ᠡ ᠪᠠᠨ  ᠪᠤᠤᠵᠠ ᠶ᠋ᠢᠨ  ᠭᠤᠯᠢᠷ ᠢᠶᠡᠨ  ᠨᠠᠷᠢᠬᠠᠨ  ᠪᠦᠭᠡᠷᠡᠩᠬᠡᠶᠢᠯᠡᠨ  ᠠᠯᠠᠭᠠᠳᠠᠵᠦ  ᠵᠢᠵᠢᠭ  ᠵᠢᠵᠢᠭ  ᠲᠤᠩᠭᠤᠢ   ᠭᠡᠷᠴᠢᠭᠰᠡᠨ ᠢᠶᠡᠨ ᠬᠠᠪᠳᠠᠭᠠᠶᠢᠯᠠᠨ ᠲᠠᠷᠤᠵᠦ ᠬᠠᠭᠤᠷᠠᠢ ᠭᠤᠯᠢᠷ ᠦᠷᠡᠵᠦ ᠲᠤᠭᠤᠶᠢᠯᠠᠨ ᠭᠠᠮᠵᠢᠳᠠᠬᠤ ᠳᠤ ᠭᠤᠤᠯ ᠨᠢ ᠬᠦᠳᠦᠭᠦᠷ ᠢᠷᠮᠡᠭ ᠨᠢ ᠨᠢᠮᠭᠡᠨ  ᠭᠠᠳᠠᠷ ᠪᠤᠯᠳᠠᠭ᠃ ᠢᠩᠭᠢᠭᠡᠳ ᠪᠤᠤᠵᠠ ᠪᠠᠨ ᠪᠤᠭᠤᠵᠦ ᠡᠬᠢᠯᠡᠨ᠎ᠡ᠂ ᠪᠤᠤᠵᠠ ᠶ᠋ᠢᠨ ᠭᠠᠳᠠᠷ ᠲᠡᠭᠡᠷ᠎ᠡ ᠪᠠᠨ ᠲᠤᠲᠤᠷ᠎ᠠ ᠮᠢᠬ᠎ᠠ ᠪᠠᠨ ᠬᠢᠭᠰᠡᠨ ᠢᠶᠡᠨ ᠨᠢᠬᠡ ᠵᠠᠬ᠎ᠠ ᠡᠴᠡ ᠨᠢ ᠬᠤᠮᠢᠵᠦ ᠴᠢᠮᠬᠢᠵᠦ ᠪᠠᠷᠢᠬᠤ ᠳᠤ ᠭᠤᠤᠯ ᠨᠢ ᠬᠤᠩᠬᠤᠷ ᠲᠤᠭᠤᠷᠢᠭᠰᠠᠨ ᠬᠤᠨᠢᠶᠠᠰᠤ ᠲᠠᠢ ᠪᠤᠤᠵᠠ ᠪᠤᠯᠤᠨ ᠪᠤᠭᠤᠭᠳᠠᠳᠠᠭ᠃ ᠪᠤᠤᠵᠠ ᠵᠢᠩᠨᠡᠬᠦ  ᠳᠤ ᠰᠠᠪᠠᠭᠠᠨ  ᠲᠡᠭᠡᠷ᠎ᠡ ᠪᠠᠨ  ᠲᠠᠯᠪᠢᠬᠤ ᠳ᠋ᠠᠭᠠᠨ  ᠲᠤᠰᠤᠯᠠᠬᠤ  ᠪᠤᠶᠤ  ᠨᠢᠮᠭᠡᠨ  ᠱᠠ  ᠪᠦᠰ  ᠲᠡᠯᠭᠡᠵᠦ  ᠪᠤᠤᠵᠠ ᠪᠠᠨ ᠬᠤᠭᠤᠷᠤᠨᠳᠤ ᠨᠢ ᠵᠤᠬᠢᠬᠤ ᠵᠠᠢ ᠲᠠᠢ ᠪᠠᠶᠢᠷᠢᠰᠢᠯᠡᠭᠤᠯᠤᠨ ᠲᠠᠯᠪᠢᠨ᠎ᠠ᠂ ᠤᠰᠤ ᠪᠠᠨ ᠪᠤᠴᠠᠯᠭᠠᠭᠰᠠᠨ ᠤ ᠲᠠᠷᠠᠭ᠎ᠠ ᠰᠠᠪᠠᠭ᠎ᠠ ᠲᠠᠢ  ᠪᠤᠤᠵᠠ ᠪᠠᠨ ᠲᠤᠭᠤᠭᠠᠨ  ᠲᠤᠲᠤᠷ᠎ᠠ ᠪᠠᠨ  ᠪᠢᠳᠡᠭᠦᠯᠡᠨ  ᠲᠠᠯᠪᠢᠵᠦ  ᠵᠢᠩᠨᠡᠨ᠎ᠡ᠂  ᠪᠠᠷᠤᠭ  ᠬᠤᠷᠢᠨ   ᠮᠢᠨᠦ᠋ᠲ   ᠤᠷᠴᠢᠮ   ᠵᠢᠩᠨᠡᠪᠡᠯ   ᠪᠤᠤᠵᠠ ᠪᠠᠨ ᠪᠤᠯᠭᠤᠴᠢᠬᠠᠳᠠᠭ᠃ ᠨᠢᠭᠡ ᠪᠤᠤᠵᠠ ᠶ᠋ᠢᠨ ᠶᠡᠬᠡ ᠪᠠᠭ᠎ᠠ ᠨᠢ ᠪᠠᠷᠤᠭ 4 — 5 ᠰᠠᠨᠲ᠋ᠢᠮᠸᠲ᠋ᠷ ᠤᠷᠴᠢᠮ ᠪᠠᠶᠢᠳᠠᠭ᠃        

ᠪᠠᠩᠰᠢ ᠶ᠋ᠢᠨ ᠲᠤᠲᠤᠷ᠎ᠠ ᠨᠠᠶᠢᠷᠠᠭᠤᠯᠭ᠎ᠠ ᠮᠢᠬ᠎ᠠ ᠨᠢ ᠪᠤᠤᠵᠠ ᠶ᠋ᠢᠨ ᠮᠢᠬ᠎ᠠ ᠲᠠᠢ ᠠᠳᠠᠯᠢ᠂ ᠵᠦᠷᠢᠶ᠎ᠡ ᠨᠢ ᠭᠡᠪᠡᠯ  ᠪᠤᠤᠵᠠ ᠡᠴᠡ  ᠬᠤᠯᠠ ᠪᠠᠭ᠎ᠠ᠂ ᠪᠠᠷᠤᠭ 2 — 3 ᠰᠠᠨᠲ᠋ᠢᠮᠸᠲ᠋ᠷ ᠤᠷᠴᠢᠮ ᠪᠤᠢ᠃ ᠪᠠᠩᠰᠢ  ᠪᠤᠭᠤᠬᠤ ᠳ᠋ᠠᠭᠠᠨ  ᠪᠠᠩᠰᠢ ᠶ᠋ᠢᠨ  ᠭᠠᠳᠠᠷ  ᠲᠡᠭᠡᠷ᠎ᠡ ᠪᠠᠨ  ᠮᠢᠬ᠎ᠠ ᠪᠠᠨ ᠲᠠᠯᠪᠢᠭᠠᠳ ᠬᠤᠶᠠᠷ ᠲᠠᠯ᠎ᠠ ᠶ᠋ᠢ ᠨᠢ ᠲᠤᠳᠤᠭᠰᠢ ᠲᠠᠷᠤᠭᠰᠠᠨ ᠢᠶᠡᠨ ᠬᠤᠶᠠᠷ ᠲᠤᠯᠤᠭᠤᠪᠤᠷ ᠬᠤᠷᠤᠭᠤ  ᠪᠠ  ᠬᠤᠶᠠᠷ  ᠡᠷᠡᠬᠡᠢ  ᠬᠤᠷᠤᠭᠤ ᠪᠠᠷ ᠢᠷᠮᠡᠭ ᠢ ᠴᠢᠮᠬᠢᠵᠦ᠂ ᠲᠤᠮᠳᠠ ᠬᠤᠷᠤᠭᠤ ᠪᠠᠷ ᠢᠶᠡᠨ ᠬᠠᠪᠴᠢᠵᠦ ᠦᠭᠬᠦ ᠳᠤ ᠶᠤᠸᠠᠨᠪᠤᠤ ᠬᠡᠯᠪᠡᠷᠢ ᠶ᠋ᠢᠨ ᠪᠠᠩᠰᠢ ᠪᠤᠯᠤᠨ ᠬᠢᠭᠳᠡᠳᠡᠭ᠂  ᠪᠠᠰᠠ ᠨᠢᠭᠡᠨ ᠪᠤᠭᠤᠬᠤ ᠠᠷᠭ᠎ᠠ ᠨᠢ ᠬᠠᠪᠢᠷᠭᠠᠨ ᠰᠠᠷᠠ ᠬᠡᠯᠪᠡᠷᠢᠳᠡᠢ ᠠᠷᠤ ᠲᠠᠯ᠎ᠠ ᠳ᠋ᠠᠭᠠᠨ ᠬᠡᠳᠦᠨ ᠬᠤᠨᠢᠶᠠᠰᠤ ᠲᠠᠢ ᠪᠤᠭᠤᠬᠤ ᠴᠤ ᠪᠤᠢ᠂ ᠪᠠᠩᠰᠢ ᠶ᠋ᠢ ᠪᠤᠯᠭᠤᠭᠠᠬᠤ ᠳ᠋ᠠᠭᠠᠨ ᠤᠯᠠᠩᠬᠢ ᠳ᠋ᠠᠭᠠᠨ ᠤᠰᠤᠨ ᠳᠤ ᠪᠤᠶᠤ  ᠱᠦᠯᠦ  ᠲᠠᠢ  ᠬᠤᠭᠤᠯᠠᠨ ᠳᠤ  ᠴᠢᠨᠠᠵᠦ  ᠪᠤᠯᠭᠤᠭᠠᠳᠠᠭ  ᠶᠤᠮ᠃  ᠪᠤᠤᠵᠠ ᠪᠠᠩᠰᠢ ᠶ᠋ᠢ ᠦᠵᠦᠮᠦᠴᠢᠨ ᠳᠤ 《 ᠨᠠᠷᠢᠨ ᠬᠤᠭᠤᠯᠠ 》 ᠴᠤ ᠭᠡᠵᠦ ᠶᠡᠷᠦᠩᠬᠡᠶᠢᠯᠡᠨ ᠬᠡᠯᠡᠳᠡᠭ᠃        

ᠰᠢᠨ᠎ᠡ ᠶ᠋ᠢᠨ ᠬᠤᠪᠢ ᠲᠦᠭᠡᠭᠡᠬᠦ᠃ ᠠᠶᠢᠯ ᠡᠷᠦᠬᠡ ᠤᠳ ᠰᠠᠳᠤᠨ ᠲᠦᠷᠦᠯ ᠵᠠᠭᠤᠷ᠎ᠠ ᠪᠠᠨ ᠪᠢᠳᠡᠭᠦᠨ ᠤ ᠬᠤᠪᠢ ᠭᠡᠵᠦ ᠲᠦᠭᠡᠭᠡᠬᠦ ᠪᠦᠭᠡᠳ ᠬᠡᠤᠬᠡᠳ ᠲᠡᠭᠦᠤ ᠨᠠᠷ ᠲᠡᠬᠡᠨ ᠪᠤᠶᠤ ᠲᠦᠷᠦᠯ ᠤᠨ ᠬᠢᠨ ᠳ᠋ᠡᠬᠡᠨ ᠡᠪᠴᠢᠭᠦᠤ᠂ ᠮᠦᠴᠢ ᠶ᠋ᠢᠨ ᠳᠡᠭᠡᠷ᠎ᠡ ᠶᠸᠪᠠᠩ  ᠪᠤᠶᠤ  ᠬᠠᠭᠠᠷᠢᠭᠤᠯ ᠳᠠᠯᠪᠢᠵᠦ ᠬᠦᠮᠦᠨ ᠪᠦᠷᠢ ᠳᠤ ᠦᠭᠭᠦᠨ᠎ᠡ᠂ ᠨᠤᠬᠠᠢ ᠶ᠋ᠢᠨ ᠬᠤᠪᠢ ᠭᠡᠵᠦ ᠪᠠᠰᠠ ᠡᠷᠡᠤ  ᠰᠢᠭᠢᠷ᠎ᠠ ᠶ᠋ᠢ  ᠦᠭᠬᠦ  ᠪᠤᠶᠤ  ᠡᠮᠦᠨ᠎ᠡ  ᠬᠠᠨ᠎ᠠ ᠶ᠋ᠢᠨ ᠨᠦᠬᠡᠨ  ᠳᠤ ᠬᠢᠵᠦ ᠳᠠᠯᠪᠢᠳᠠᠭ ᠶᠤᠮ᠂ ᠬᠦᠷᠭᠡᠨ ᠬᠡᠤᠬᠡᠨ ᠳᠤ ᠡᠪᠴᠢᠭᠦᠤ ᠶ᠋ᠢᠨ ᠬᠤᠪᠢ᠂ ᠵᠡᠭᠡ ᠨᠠᠷ ᠲᠤ ᠰᠦᠪᠡᠭᠡ ᠬᠠᠪᠢᠷᠭ᠎ᠠ ᠡᠪᠦᠷᠯᠡᠭᠦᠯᠳᠡᠭ ᠤᠴᠢᠷ ᠳᠠᠢ᠃ ᠢᠯᠠᠩᠭᠤᠶ᠎ᠠ ᠭᠡᠷ ᠤᠨ ᠬᠥᠮᠥᠰ ᠲᠦ ᠪᠦᠷ ᠵᠤᠬᠢᠬᠤ ᠬᠤᠪᠢ ᠤᠨᠤᠭᠳᠠᠵᠦ ᠪᠠᠶᠢᠳᠠᠭ ᠶᠤᠮ᠃        

ᠠᠯᠳᠠᠨ ᠤᠪᠤᠭ᠎ᠠ ᠪᠠᠨ ᠪᠤᠰᠬᠠᠬᠤ ᠪᠠ ᠲᠠᠬᠢᠬᠤ᠃ ᠴᠠᠭᠠᠨ ᠰᠠᠷ᠎ᠠ ᠶ᠋ᠢᠨ ᠪᠢᠳᠡᠭᠦᠨ ‍ᠤ ᠤᠷᠤᠶᠢᠬᠠᠨ ᠭᠡᠷ ᠡᠴᠠ  ᠪᠠᠨ ᠤᠷᠤᠭᠰᠢ ᠵᠠᠭᠤᠭᠠᠳ ᠠᠯᠬᠤᠮ ‍ᠤᠨ ᠤᠷᠴᠢᠮ ‍ᠤᠨ ᠵᠠᠶᠢᠳᠠᠢ ᠠᠷᠢᠭᠤᠨ ᠴᠡᠪᠡᠷ  ᠭᠠᠵᠠᠷ  ᠨᠢᠭᠡᠨ  ᠴᠠᠰᠤᠨ  ᠤᠪᠤᠭ᠎ᠠ  ᠪᠤᠰᠬᠠᠵᠦ  ᠵᠠᠰᠠᠵᠦ ᠲᠠᠯᠪᠢᠨ᠎ᠠ᠂ ᠡᠨᠡᠬᠦ ᠵᠠᠩ ᠦᠢᠯᠡ ᠪᠠᠨ 《 ᠲᠡᠭᠷᠢ ᠲᠠᠬᠢᠬᠤ 》᠂ 《 ᠲᠡᠭᠷᠢ ᠳ᠋ᠤ ᠮᠦᠷᠭᠦᠬᠦ 》 ᠭᠡᠵᠦ  ᠬᠡᠯᠡᠳᠡᠭ  ᠪᠠ  ᠤᠪᠤᠭ᠎ᠠ  ᠪᠠᠨ  《 ᠲᠡᠭᠷᠢ ᠤᠪᠤᠭ᠎ᠠ 》 ᠪᠤᠶᠤ 《 ᠠᠯᠳᠠᠨ ᠤᠪᠤᠭ᠎ᠠ 》 ᠴᠦ ᠭᠡᠵᠦ ᠨᠡᠷᠡᠯᠡᠳᠡᠭ᠂᠂ ᠲᠠᠬᠢᠯᠭ᠎ᠠ ᠶ᠋ᠢᠨ ᠴᠠᠭ ᠬᠤᠭᠤᠴᠠᠭ᠎ᠠ ᠨᠢ ᠵᠢᠯ ᠪᠦᠷᠢ ᠶ᠋ᠢᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ‍ᠤ ᠦᠷᠯᠦᠭᠡ ᠶ᠋ᠢᠨ ᠪᠠᠷᠰ ᠴᠠᠭ ᠲᠤ ᠶᠠᠪᠤᠭᠳᠠᠨ᠎ᠠ᠂ ᠭᠡᠷ ‍ᠤᠨ ᠡᠵᠡᠨ  ᠲᠦᠷᠦᠭᠦᠤ  ᠲᠠᠢ  ᠪᠦᠷᠢᠯᠳᠦᠭᠦᠨ  ᠨᠦ᠋ᠭᠦᠳ ᠵᠠᠰᠠᠯ ‍ᠤᠨ ᠬᠤᠪᠴᠠᠰᠣ ᠪᠠᠨ ᠡᠮᠦᠰᠴᠦ᠂ ᠮᠤᠷᠢ ᠪᠠᠨ ᠤᠨᠤᠵᠦ᠂ ᠨᠤᠮᠤ ᠰᠠᠭᠠᠳᠠᠭ ᠪᠠᠨ ᠠᠭᠰᠠᠵᠦ᠂ ᠡᠷᠭᠦᠯ ᠲᠠᠬᠢᠯᠭ᠎ᠠ ᠶ᠋ᠢᠨ ᠵᠦᠢᠯᠡᠰ  ᠢᠶᠡᠨ ᠠᠪᠴᠤ᠂ ᠤᠪᠤᠭᠠᠨ ᠳ᠋ᠠᠭᠠᠨ ᠬᠦᠷᠴᠦ᠂ ᠲᠠᠬᠢᠯᠭ᠎ᠠ ᠶ᠋ᠢᠨ ᠦᠢᠯᠡ ᠪᠠᠨ ᠲᠦᠪ ᠬᠢᠴᠢᠶᠡᠩᠭᠦᠢ ᠬᠦᠢᠴᠡᠳᠭᠡᠳᠡᠭ᠂᠂        

ᠲᠡᠭᠷᠢ ᠲᠠᠬᠢᠬᠤ ᠰᠠᠨᠠᠭ᠎ᠠ ᠵᠤᠷᠢᠯᠳᠠ ᠪᠤᠯ ᠲᠦᠷᠪᠡᠨ ᠵᠦᠭ ᠨᠠᠢᠮᠠᠨ ᠵᠤᠪᠬᠢᠰ ‍ᠤᠨ ᠶᠡᠷᠡ ᠶᠢᠰᠦᠨ ᠲᠡᠭᠷᠢ ᠲᠠᠷᠦᠢ ᠪᠠᠷᠠᠭᠤᠨ ᠵᠦᠭ  ‍ᠢ ᠡᠵᠡᠯᠡᠬᠦ ᠲᠠᠪᠢᠨ ᠲᠠᠪᠤᠨ ᠲᠡᠭᠷᠢ᠂ ᠵᠡᠭᠦᠨ ᠵᠦᠭ ‍ᠢ ᠡᠵᠡᠯᠡᠬᠦ ᠲᠦᠴᠢᠨ ᠳᠦᠷᠪᠡᠨ ᠲᠡᠭᠷᠢ ᠳᠦ ᠲᠠᠬᠢᠯᠭ᠎ᠠ ᠡᠷᠭᠦᠬᠦ ᠬᠢᠭᠡᠳ ᠰᠢᠨ᠎ᠡ ᠨᠢᠭᠡᠨ  ᠵᠢᠯ ‍ᠤᠨ ᠠᠶᠢᠯ ᠡᠷᠦᠬᠡ ᠶ᠋ᠢᠨ ᠬᠡᠶᠢᠮᠤᠷᠢ ᠰᠦᠯᠳᠡ ᠪᠠᠨ ᠰᠡᠷᠭᠦᠭᠡᠨ ᠮᠠᠨᠳᠣᠭᠤᠯᠵᠦ᠂ ᠮᠠᠯ ᠰᠦᠷᠦᠭ  ᠢᠶᠡᠨ  ᠠᠷᠪᠢᠵᠢᠭᠤᠯᠬᠤ  ᠶ᠋ᠢ  ᠲᠠᠭᠠᠳᠬᠠᠬᠤ᠂ ᠡᠪᠡᠳᠴᠢᠨ ᠬᠦᠨᠦᠭᠡᠯ ᠠᠯᠢᠪᠠ ᠬᠠᠷᠰᠢ ᠰᠠᠭᠠᠳ ᠲᠤ ᠲᠠᠷᠤᠯᠭ᠎ᠠ ᠬᠢᠬᠦ ᠶᠠᠪᠤᠳᠠᠯ ᠪᠤᠯᠤᠨ᠎ᠠ᠂᠂ ᠲᠠᠬᠢᠯᠭ᠎ᠠ ᠳ᠋ᠤ ᠪᠡᠯᠡᠳᠭᠡᠬᠦ ᠵᠦᠢᠯᠡᠰ ᠲᠤ᠄ 

1. ᠲᠠᠬᠢᠯᠭ᠎ᠠ ᠶ᠋ᠢᠨ ᠴᠠᠷ᠎ᠠ ᠳ᠋ᠠᠭᠠᠨ ᠲᠠᠪᠤᠨ ᠲᠠᠷᠢᠶ᠎ᠠ ᠶ᠋ᠢᠨ ᠦᠷ᠎ᠡ ᠬᠢᠵᠦ᠂ ᠬᠤᠨᠢᠨ ᠲᠤᠯᠣᠭᠠᠢ ᠳᠤᠮᠳᠠ ᠨᠢ ᠰᠠᠭᠤᠯᠭᠠᠵᠦ᠂ ᠮᠠᠩᠨᠠᠢ ᠶ᠋ᠢ ᠨᠢ ᠴᠠᠭᠠᠨ ᠰᠢᠷ᠎ᠠ ᠳᠣᠰᠣ ᠪᠠᠷ ᠮᠢᠯᠢᠶᠠᠵᠦ ᠳᠠᠯᠪᠢᠬᠤ ᠶ᠋ᠢᠨ ᠬᠠᠮᠲᠦ ᠪᠠᠰᠠ ᠦᠵᠦᠮ ᠴᠢᠪᠠᠭ᠎ᠠ ᠮᠦᠰᠦᠨ ᠰᠢᠬᠢᠷ᠂ ᠴᠠᠭᠠᠨ  ᠢᠳᠡᠭᠡᠨ  ‍ᠤ  ᠵᠦᠢᠯᠡᠰ  ᠢᠶᠠᠷ ᠵᠠᠰᠠᠵᠦ ᠲᠠᠪᠢᠭᠯᠠᠬᠤ ᠪᠤᠶᠤ ᠃

2. ᠨᠢᠭᠡ ᠪᠠᠭᠴᠠ ᠬᠦᠵᠢ ᠶ᠋ᠢ ᠬᠦᠪᠦᠩ ᠢᠶᠠᠷ ᠤᠷᠢᠶᠠᠭᠠᠳ ᠰᠢᠷ᠎ᠠ ᠳᠣᠰᠣ ᠴᠢᠳᠬᠤᠵᠦ ᠬᠢᠬᠦ  ᠪᠠ  ᠪᠤᠰᠤᠳ ᠠᠷᠴᠠ ᠤᠳᠤᠯᠭ᠎ᠠ ᠵᠡᠷᠭᠡ ᠠᠷᠢᠭᠤᠳᠬᠠᠯ ‍ᠤᠨ ᠵᠦᠢᠯᠡᠰ ‍ᠢ ᠪᠡᠯᠡᠬᠡᠨ ᠪᠤᠯᠭᠠᠵᠦ᠂ ᠮᠦᠷᠭᠦᠯ ᠬᠢᠬᠦ ᠳ᠋ᠤ  ᠬᠡᠷᠡᠭᠰᠡᠬᠦ  ᠲᠠᠪᠯᠠᠭ  ᠪᠤᠶᠤ  ᠵᠢᠵᠢᠭ ᠰᠢᠷᠳᠡᠭ ‍ᠢ ᠴᠤ ᠪᠡᠯᠡᠳᠭᠡᠨ᠎ᠡ᠂᠂ ᠡᠷᠳᠡ ᠶ᠋ᠢᠨ ᠴᠠᠢ ᠶ᠋ᠢᠨ ᠳᠡᠭᠡᠵᠢ ᠪᠠᠨ ᠰᠢᠷ᠎ᠡ ᠳᠣᠰᠣ ᠪᠠᠷ ᠰᠠᠮᠣᠷᠠᠨ ᠡᠷᠭᠦᠳᠡᠭᠴᠦ ᠪᠤᠢ᠂

3. ᠵᠢᠷᠣᠬᠠᠢ ᠶ᠋ᠢᠨ ᠶᠤᠰᠤᠭᠠᠷ ᠭᠡᠷ ‍ᠤᠨ ᠡᠵᠡᠨ ᠨᠢ ᠬᠦᠮᠦᠨ ᠪᠦᠷᠢ ᠶ᠋ᠢᠨ ᠬᠡᠶᠢᠮᠤᠷᠢ ᠶ᠋ᠢᠨ ᠵᠦᠭ ᠮᠤᠷᠳᠠᠬᠤ᠂ ᠭᠡᠰᠢᠭ ‍ᠤᠨ ᠵᠦᠭ ᠡᠴᠡ ᠢᠷᠡᠬᠦ ᠶᠤᠰᠤ  ᠤᠴᠢᠷ  ‍ᠢ ᠮᠡᠳᠡᠭᠦᠯᠦᠭᠰᠡᠨ ‍ᠤ ᠲᠠᠷᠠᠭ᠎ᠠ 《 ᠠᠯᠳᠠᠨ ᠤᠪᠤᠭ᠎ᠠ 》 ᠡᠴᠡ ᠨᠡᠯᠢᠶᠡᠳ ᠵᠠᠶᠢᠳᠠᠢ ᠦᠪᠡᠷ ᠦᠪᠡᠷ ‍ᠤᠨ ᠲᠠᠷᠤᠯᠭ᠎ᠠ ᠶ᠋ᠢᠨ ᠵᠦᠢᠯᠡᠰ ‍ᠢ  ᠠᠪᠠᠴᠢᠵᠤ ᠳᠠᠯᠪᠢᠳᠠᠭ ᠪᠠᠶᠢᠨ᠎ᠠ᠂᠂        

ᠲᠡᠭᠷᠢ ᠲᠠᠬᠢᠬᠤ ᠦᠢᠯᠡ ᠶ᠋ᠢ ᠭᠦᠢᠴᠡᠳᠭᠡᠬᠦ᠂ ᠰᠢᠨ᠎ᠡ ᠶ᠋ᠢᠨ ᠨᠢᠭᠡᠨ ‍ᠤ ᠦᠷᠯᠦᠬᠡ ᠡᠷᠳᠡ ᠭᠡᠷ ‍ᠤᠨ ᠡᠵᠡᠨ ᠲᠦᠷᠦᠭᠦᠳᠠᠢ ᠤᠯᠠᠨ ᠢᠶᠠᠷ ᠢᠶᠡᠨ ᠲᠡᠭᠷᠢ ᠤᠪᠤᠭᠠᠨ ᠳ᠋ᠤ ᠬᠦᠷᠦᠭᠰᠡᠨ ‍ᠤ ᠲᠠᠷᠠᠭ᠎ᠠ᠂ ᠤᠪᠤᠭᠠᠨ ‍ᠤ ᠡᠮᠦᠨ᠎ᠡ ᠳᠡᠪᠰᠡᠭ ᠳᠡᠭᠡᠷ᠎ᠡ ᠲᠠᠬᠢᠯᠭ᠎ᠠ ᠶ᠋ᠢᠨ ᠴᠠᠷ᠎ᠠ ᠳᠠᠢ ᠢᠳᠡᠭᠡᠨ ᠢᠶᠡᠨ ᠲᠠᠯᠪᠢᠵᠦ᠂ ᠪᠠᠭᠴᠠ ᠬᠦᠵᠢ ᠪᠠᠨ ᠠᠰᠠᠭᠠᠵᠤ᠂ ᠠᠷᠴᠠ ᠽᠠᠨᠳᠠᠨ ᠤᠩᠭᠠᠳᠬᠠᠵᠤ᠂ ᠲᠡᠭᠷᠢ ᠳ᠋ᠤ  ᠵᠤᠯᠠ  ᠪᠠᠷᠢᠭᠠᠳ  ᠴᠠᠭᠠᠨ  ᠢᠳᠠᠭᠡᠨ  ‍ᠤ ᠲᠡᠭᠡᠵᠢ ᠪᠠᠨ ᠳᠦᠷᠪᠡᠨ ᠵᠦᠭ ᠲᠤ ᠰᠠᠴᠣᠭᠠᠳ᠂ ᠤᠪᠣᠭ᠎ᠠ ᠪᠠᠨ ᠵᠦᠪ ᠢᠶᠠᠷ ᠭᠤᠷᠪᠠ ᠳᠣᠭᠤᠷᠢᠨ᠎ᠠ᠂ ᠳᠠᠷᠠᠭ᠎ᠠ ᠪᠠᠷ ᠤᠪᠤᠭᠠᠨ ‍ᠤ  ᠡᠮᠦᠨ᠎ᠡ ᠲᠠᠪᠯᠠᠭ ᠰᠢᠷᠳᠡᠭ ᠢᠶᠡᠨ ᠳᠡᠪᠢᠰᠴᠣ᠂ ᠭᠡᠷ ᠤᠨ ᠡᠵᠡᠨ ᠭᠠᠷᠴᠣ ᠤᠪᠤᠭᠠᠨ ᠡᠴᠡ ᠪᠠᠨ ᠡᠬᠢᠯᠡᠨ  ᠨᠠᠷᠠᠨ  ᠵᠦᠪ  ᠢᠶᠠᠷ  ᠬᠤᠷᠮᠤᠢ  ᠳᠡᠪᠢᠰᠴᠣ ᠰᠦᠭᠦᠳᠦᠭᠡ ᠮᠦᠷᠭᠦᠯ ᠬᠢᠵᠦ᠂ ᠲᠦᠷᠪᠡᠨ ᠵᠦᠭ ᠨᠠᠢᠮᠠᠨ ᠵᠤᠪᠬᠢᠰ ᠲᠤ ᠮᠦᠷᠭᠦᠳᠡᠭ ᠪᠠᠶᠢᠨ᠎ᠠ᠂᠂ ᠮᠦᠷᠭᠦᠯ ᠪᠠᠷᠠᠭᠰᠠᠨ ‍ᠤ  ᠳᠠᠷᠠᠭ᠎ᠠ  ᠦᠪᠡᠷ ᠦᠪᠡᠷ ‍ᠤᠨ ᠬᠡᠶᠢᠮᠣᠷᠢ ᠶ᠋ᠢᠨ ᠵᠦᠭ ᠲᠡᠭᠡᠨ ᠮᠤᠷᠳᠠᠵᠤ᠂ ᠳᠠᠷᠤᠯᠭ᠎ᠠ ᠶ᠋ᠢᠨ ᠵᠦᠢᠯᠡᠰ ᠢᠶᠡᠨ ᠤᠯᠵᠤ ᠠᠪᠣᠭᠠᠳ ᠭᠡᠰᠢᠭ  ‍ᠤᠨ  ᠵᠦᠭ  ᠲᠤ  ᠭᠡᠷ ᠲᠡᠭᠡᠨ ᠡᠷᠭᠢᠵᠦ ᠢᠷᠡᠨ᠎ᠡ᠂᠂ ᠭᠡᠷ ᠲᠡᠭᠡᠨ ᠢᠷᠡᠭᠰᠡᠨ ‍ᠤ ᠳᠠᠷᠠᠭ᠎ᠠ᠂ ᠭᠡᠷ ᠡᠷᠦᠬᠡ ᠶ᠋ᠢᠨ ᠰᠢᠨᠡᠯᠡᠬᠦ ᠵᠠᠩ ᠦᠢᠯᠡ ᠪᠠᠨ ᠬᠦᠢᠴᠡᠳᠭᠡᠳᠡᠭ᠂ ᠲᠤᠰ ᠨᠤᠲᠤᠭ ᠡᠴᠡ ᠪᠠᠨ ᠨᠡᠭᠦᠬᠦ ᠳ᠋ᠡᠭᠡᠨ ᠠᠴᠢᠶ᠎ᠠ ᠨᠡᠭᠦᠳᠡᠯ ᠢᠶᠠᠷ ᠢᠶᠡᠨ 《 ᠠᠯᠳᠠᠨ ᠤᠪᠤᠭ᠎ᠠ 》  ᠪᠠᠨ  ᠨᠠᠷᠠᠨ  ᠵᠦᠪ  ᠳᠣᠭᠤᠷᠢᠭᠤᠯᠤᠨ  ᠮᠦᠷ ᠭᠠᠷᠭᠠᠳᠠᠭ ᠤᠴᠢᠷ ᠲᠠᠢ᠂᠂        

ᠪᠤᠷᠬᠠᠨ ᠲᠠᠬᠢᠯ ᠢᠶᠡᠨ ᠵᠠᠰᠠᠬᠤ᠃ ᠨᠡᠭᠦᠳᠡᠯ ᠮᠠᠯᠵᠢᠯ ᠤᠨ ᠦᠶ᠎ᠡ ᠠᠶᠢᠯ ᠡᠷᠦᠬᠡ ᠶᠠᠷᠤᠨᠢ  ᠪᠤᠷᠬᠠᠨ  ᠰᠢᠳᠦᠯᠬᠡ ᠪᠠᠨ ᠬᠡᠵᠢᠶᠡᠳᠡ ᠲᠠᠯᠳᠠ ᠲᠡᠪᠡᠯᠯᠡᠵᠦ ᠲᠠᠯᠪᠢᠬᠤ ᠪᠠ ᠬᠦᠩᠭᠠᠷᠸ᠎ᠠ ᠳᠤ ᠵᠠᠯᠠᠳᠠᠭ ᠤᠴᠢᠷ  ᠲᠠᠢ᠃  ᠵᠢᠯ  ᠪᠦᠷᠢ ᠶ᠋ᠢᠨ  ᠪᠢᠳᠡᠭᠦᠨ ᠤ  ᠦᠳᠡ ᠡᠴᠡ  ᠬᠤᠶᠢᠰᠢ ᠪᠤᠷᠬᠠᠨ ᠢᠶᠡᠨ ᠳᠡᠯᠭᠡᠵᠦ᠂ ᠳᠡᠭᠡᠷ᠎ᠡ ᠳᠠᠯ᠎ᠠ ᠳ᠋ᠤᠨᠢ ᠤᠨᠢ ᠳᠠᠭᠠᠭᠤᠯᠤᠨ ᠲᠠᠪᠤᠨ ᠦᠩᠭᠡ ᠶ᠋ᠢᠨ ᠯᠠᠪᠷᠢ ᠯᠢᠨᠳᠠᠷ ᠳᠠᠳᠠᠨ᠂ ᠬᠦᠵᠢ ᠨᠠᠪᠴᠢ᠂ ᠲᠠᠬᠢᠯ ᠲᠠᠪᠢᠭ ᠵᠡᠷᠭᠡ ᠵᠠᠰᠠᠯ ᠴᠢᠮᠡᠭᠯᠡᠯ ᠤᠨ ᠵᠦᠢᠯᠳᠡ ᠶ᠋ᠢ ᠦᠷᠦᠵᠦ᠂ ᠵᠤᠯᠠ ᠬᠦᠵᠢ ᠪᠠᠨ ᠡᠷᠭᠦᠵᠦ᠂  ᠦᠵᠦᠮ ᠰᠢᠬᠢᠷ  ᠴᠢᠪᠠᠭ᠎ᠠ  ᠵᠡᠷᠭᠡ ᠠᠮᠳᠠᠳᠠᠨ ᠢᠶᠠᠷ ᠦᠩᠭᠡᠯᠡᠭᠰᠡᠨ ᠬᠠᠭᠠᠷᠢᠭᠤᠯ ᠲᠦᠷᠪᠡᠵᠢᠯᠡᠭᠰᠡᠨ ᠪᠤᠷᠤ ᠢᠳᠡᠭᠡᠨ ᠤ ᠲᠠᠪᠠᠭ᠋᠂ ᠲᠤᠰᠤ ᠬᠤᠷᠤᠳ ᠤᠨ ᠴᠠᠭᠠᠨ ᠢᠳᠡᠭᠡᠨ ᠤ ᠲᠠᠪᠠᠭ᠂ ᠬᠤᠰ ᠤᠷᠢᠶᠠᠭᠰᠠᠨ ᠱᠠᠭᠠᠨᠳᠦ ᠦᠭᠡᠭᠦᠨ ᠰᠡᠭᠦᠯ ᠲᠡᠷᠢᠭᠦᠳᠡᠨ ᠤᠯᠠᠭᠠᠨ ᠢᠳᠡᠭᠡᠨ ᠤ ᠲᠠᠪᠠᠭ ᠵᠡᠷᠭᠡ ᠶ᠋ᠢ ᠨᠠᠮᠪᠠᠭᠠᠯᠠᠨ ᠦᠷᠦᠵᠦ᠂ ᠵᠤᠯᠠ ᠪᠠᠷᠢᠬᠤ ᠪᠠ ᠴᠠᠢ ᠶ᠋ᠢᠨ ᠲᠡᠭᠡᠵᠢ᠂ ᠷᠠᠰᠢᠶᠠᠨ ᠤᠰᠤᠨ  ᠵᠡᠷᠭᠡ ᠶ᠋ᠢ  ᠬᠢᠵᠦ  ᠲᠠᠯᠪᠢᠨ  ᠲᠡᠭᠷᠢ  ᠪᠤᠷᠬᠠᠨ᠂  ᠲᠡᠭᠡᠳᠦᠰ ᠲᠡᠬᠡᠨ  ᠢᠳᠡᠭᠡᠨ ᠤᠮᠳᠠᠭᠠᠨ ᠤ ᠪᠠᠨ  ᠲᠡᠭᠡᠵᠢ ᠶ᠋ᠢ  ᠡᠷᠭᠦᠳᠡᠭ  ᠵᠠᠩᠰᠢᠯ  ᠲᠠᠢ  ᠶᠤᠮ᠃  ᠠᠬᠠᠮᠠᠳ  ᠨᠠᠰᠤᠳᠠᠳ ᠡᠴᠡ  ᠰᠠᠷ᠎ᠠ  ᠰᠢᠨ᠎ᠡ ᠶ᠋ᠢᠨ  ᠲᠠᠭᠠᠳᠬᠠᠯ ᠵᠠᠯᠪᠠᠷᠢᠯ ᠢᠶᠡᠨ ᠬᠢᠵᠦ᠂ ᠰᠢᠨ᠎ᠡ ᠵᠢᠯ ᠤᠨ ᠭᠡᠷ ᠬᠤᠳᠠᠯᠠᠭᠠᠷ ᠤᠨ ᠠᠮᠤᠷ ᠮᠡᠨᠳᠦ ᠵᠤᠯ ᠵᠢᠷᠭᠠᠯ ᠪᠠ ᠮᠠᠯ ᠰᠦᠷᠦᠭ ᠤᠨ ᠦᠨᠢᠷ ᠦᠰᠦᠯᠳᠡ ᠪᠠᠨ ᠵᠦᠩᠨᠡᠨ ᠪᠡᠯᠭᠡᠳᠡᠳᠡᠭ ᠶᠤᠮ᠃ ᠪᠤᠷᠬᠠᠨ ᠢᠶᠡᠨ ᠰᠢᠨ᠎ᠡ ᠶ᠋ᠢᠨ ᠭᠤᠷᠪᠠᠨ ᠳ᠋ᠣ ᠲᠡᠪᠡᠯᠯᠡᠵᠦ ᠬᠢᠴᠢᠶᠡᠩᠭᠦᠶᠢᠯᠡᠨ ᠬᠤᠷᠢᠶᠠᠵᠦ᠂ ᠭᠦᠩᠭᠠᠷᠸ᠎ᠠ ᠳ᠋ᠠᠭᠠᠨ ᠵᠠᠯᠠᠵᠦ ᠲᠠᠯᠪᠢᠳᠠᠭ ᠶᠤᠮᠰᠠᠨ᠃ ᠪᠤᠷᠬᠠᠨ ᠲᠡᠪᠡᠯᠯᠡᠬᠦ ᠳ᠋ᠡᠬᠡᠨ ᠪᠦᠬᠦ ᠭᠡᠷ ᠤᠨ ᠪᠦᠷᠢᠯᠳᠦᠭᠦᠨ ᠳᠤ ᠭᠡᠰᠢᠭ ᠬᠤᠪᠢᠳᠠᠬᠤ ᠪᠠ ᠬᠡᠦᠬᠡᠳ ᠦᠳ ᠲᠦ ᠪᠤᠷᠬᠠᠨ ᠤ ᠭᠡᠰᠢᠭ ᠲᠦᠪᠡᠭᠡᠵᠦ ᠠᠮᠳᠠ ᠲᠠᠢ ᠠᠷᠢᠭᠤᠨ ᠬᠠᠶᠢᠷᠤᠭᠤᠯ ᠦᠭᠴᠦ ᠪᠠᠶᠠᠷᠯᠠᠭᠤᠯᠤᠨ ᠪᠠᠶᠢᠳᠠᠭ᠋᠃        

ᠪᠢᠳᠡᠭᠦᠨ ᠤ ᠴᠠᠢ ᠤᠤᠭᠤᠯᠭᠠᠬᠤ᠃ ᠪᠢᠳᠡᠭᠦᠨ ᠤ ᠴᠠᠢ ᠤᠤᠭᠤᠯᠭᠠᠬᠤ ᠳ᠋ᠠᠭᠠᠨ  ᠤᠷᠢᠳᠠ ᠪᠠᠷ  ᠭᠡᠷ ᠢᠶᠠᠷ ᠢᠶᠡᠨ  ᠪᠢᠳᠡᠭᠦᠯᠡᠵᠦ ᠤᠷᠤᠶᠢᠬᠠᠨ ᠬᠠᠷᠢᠯᠴᠠᠨ ᠵᠠᠯᠠᠵᠦ ᠪᠢᠳᠡᠭᠦᠯᠡᠳᠡᠭ᠂ ᠪᠢᠳᠡᠭᠦᠯᠡᠬᠦ ᠳ᠋ᠡᠬᠡᠨ ᠲᠡᠭᠦᠤ  ᠨᠠᠷ  ᠪᠠᠭᠠᠴᠦᠳ ᠨᠢ ᠮᠤᠷᠳᠡᠵᠦ᠂ ᠠᠬᠠᠮᠠᠳ ᠡᠴᠡ  ᠨᠢ ᠡᠬᠢᠯᠡᠵᠦ ᠪᠢᠳᠡᠭᠦᠨ ᠤ ᠴᠠᠢ ᠤᠤᠭᠤᠯᠭᠠᠬᠤ ᠪᠠᠷ ᠵᠠᠯᠠᠬᠤ ᠪᠠᠷ ᠤᠴᠢᠳᠠᠭ ᠶᠤᠮ᠃ ᠠᠬᠠᠮᠠᠳ ᠨᠠᠷ  ᠨᠢ  ᠵᠠᠯᠠᠭᠳᠠᠨ  ᠢᠷᠡᠵᠦ  ᠪᠢᠳᠡᠭᠦᠯᠡᠬᠦ ᠪᠦᠭᠡᠳ ᠤᠶᠢᠷ᠎ᠠ ᠬᠠᠪᠢ ᠶ᠋ᠢᠨ ᠠᠶᠢᠯ ᠡᠷᠦᠬᠡ ᠪᠠᠷ ᠪᠠᠭᠤᠵᠦ ᠪᠠᠶᠠᠷᠯᠠᠯᠳᠤᠨ ᠬᠦᠭᠡᠷᠦᠯᠳᠦᠳᠡᠭ᠂ ᠪᠠᠷᠢᠶᠠᠳ ᠡᠴᠡ ᠴᠠᠢ ᠠᠶᠠᠭᠠᠯᠠᠵᠦ  ᠴᠠᠭᠠᠨ ᠢᠳᠡᠭᠡ ᠠᠮᠬᠠᠷᠠᠭᠤᠯᠤᠭᠰᠠᠨ ᠢᠶᠡᠨ ᠪᠦᠬᠦᠯᠢ ᠰᠢᠭᠦᠰᠦ ᠪᠢᠳᠡᠭᠦᠤ ᠲᠤᠯᠤᠭᠠᠢ ᠤᠷᠤᠭᠤᠯᠤᠨ  ᠳᠡᠯᠪᠢᠨ᠎ᠠ᠂  ᠬᠦᠮᠦᠰ  ᠪᠢᠳᠡᠭᠦᠤ  ᠲᠤᠯᠤᠭᠠᠢ ᠶ᠋ᠢ ᠵᠠᠭᠠᠵᠦ ᠰᠠᠯᠭᠠᠬᠤ ᠳ᠋ᠠᠭᠠᠨ 《 ᠪᠢᠳᠡᠭᠦᠤ ᠲᠤᠯᠤᠭᠠᠢ ᠵᠠᠭᠠᠯ᠎ᠠ᠂ ᠪᠤᠲᠤᠩ ᠤᠨ  ᠠᠮᠰᠠᠷ  ᠨᠡᠭᠡᠭᠡᠯ᠎ᠡ᠂  ᠪᠢᠳᠡᠭᠦᠤ  ᠨᠡᠭᠡᠭᠡᠭᠳᠡᠵᠦ᠂  ᠪᠦᠷᠬᠦᠭ ᠠᠷᠢᠯᠤᠯ᠎ᠠ 》 ᠭᠡᠵᠦ ᠬᠡᠯᠡᠯᠴᠡᠨ ᠪᠡᠶᠡᠷᠯᠡᠯᠳᠤᠨ᠎ᠠ᠃ ᠠᠷᠢᠬᠢ  ᠬᠡᠮᠨᠡᠨ  ᠢᠷᠦᠭᠡᠯ  ᠳᠠᠯᠪᠢᠨ  ᠳᠠᠭᠤᠯᠠᠨ  ᠪᠠᠶᠠᠰᠴᠤ᠂  ᠪᠢᠳᠡᠭᠦᠨ ᠤ  ᠪᠠᠩᠰᠢ ᠪᠤᠤᠰᠠ ᠶ᠋ᠢᠨ ᠬᠤᠭᠤᠯᠠ ᠢᠳᠡᠳᠡᠭ᠃ ᠡᠵᠢ ᠨᠠᠷ ᠡᠴᠡ ᠤᠶᠢᠷ᠎ᠠ ᠰᠠᠳᠤᠨ ᠳ᠋ᠠᠭᠠᠨ ᠪᠠᠰᠠ ᠦᠭᠬᠦ  ᠬᠤᠪᠢ ᠪᠠᠨ  ᠭᠠᠷᠳᠠᠭᠤᠯᠵᠦ  ᠪᠠᠶᠢᠳᠠᠭ ᠤᠴᠢᠷ ᠲᠠᠢ᠂ ᠭᠡᠪᠡᠴᠦ ᠦᠳᠡᠰᠢ ᠡᠷᠳᠡ ᠲᠠᠷᠬᠠᠵᠦ ᠮᠠᠷᠭᠠᠳᠤᠷ ᠤᠨ ᠰᠢᠨ᠎ᠡ ᠶ᠋ᠢᠨ ᠨᠢᠭᠡᠨ ᠤ ᠶᠠᠪᠤᠳᠠᠯ ᠳ᠋ᠠᠭᠠᠨ ᠶᠠᠭᠠᠷᠠᠳᠠᠭ᠋᠂ ᠠᠶᠢᠯ ᠳᠤ ᠪᠠ ᠭᠠᠳᠠᠨ᠎ᠠ ᠬᠤᠨᠤᠬᠤ ᠡᠴᠡ ᠪᠤᠯᠭᠤᠮᠵᠢᠯᠠᠨ᠎ᠠ᠃        

ᠰᠢᠨᠡᠯᠡᠵᠦ ᠮᠠᠨᠳᠤᠴᠢᠯᠠᠨ ᠵᠤᠯᠭᠠᠬᠤ᠃ ᠰᠠᠷ᠎ᠠ ᠰᠢᠨ᠎ᠡ ᠳᠤ ᠮᠠᠨᠳᠤᠴᠢᠯᠠᠨ ᠵᠤᠯᠭᠠᠬᠤ ᠪᠤᠯ ᠰᠢᠨᠡᠯᠠᠴᠢᠳ ᠤᠨ ᠶᠠᠭᠤᠨ ᠤ ᠤᠷᠢᠳ ᠬᠢᠬᠦ ᠪᠠᠰᠠ ᠬᠦᠮᠦᠨ ᠪᠦᠬᠦᠨ ᠳᠤ ᠬᠢᠬᠦ ᠠᠮᠤᠷ ᠮᠡᠨᠳᠦ ᠶ᠋ᠢᠨ ᠵᠤᠯᠭᠠᠯᠳᠠ  ᠪᠤᠯᠤᠨ᠎ᠠ᠃  ᠰᠢᠨᠡᠯᠡᠬᠦ ᠳ᠋ᠡᠬᠡᠨ  ᠨᠠᠰᠤᠳᠠᠨ  ᠪᠤᠭᠤᠷᠤᠯ ᠠᠬᠠᠰ ᠵᠠᠬᠠᠰ ᠲᠠᠭᠠᠨ  ᠤᠷᠢᠳᠴᠢᠯᠠᠨ  ᠵᠤᠯᠭᠠᠬᠤ  ᠪᠦᠭᠡᠳ  ᠵᠤᠯᠭᠠᠬᠤ ᠳ᠋ᠠᠭᠠᠨ  ᠰᠠᠭᠤᠯᠭᠠᠵᠦ  ᠡᠮᠦᠨ᠎ᠡ  ᠨᠢ  ᠰᠦᠭᠦᠷᠡᠨ  ᠮᠦᠷᠭᠦᠭᠰᠡᠨ ᠢᠶᠡᠨ᠄ 《 ᠲᠡᠩᠭᠡᠭᠡ  ᠰᠠᠶᠢᠨ  ᠰᠢᠨᠡᠯᠡᠪᠡᠦ 》   ᠭᠡᠵᠦ  ᠬᠠᠳᠠᠭ ᠢᠶᠡᠨ   ᠠᠯᠠᠭᠠᠨ   ᠲᠡᠭᠡᠷ᠎ᠡ ᠪᠠᠨ   ᠪᠠᠷᠢᠨ   ᠮᠠᠨᠳᠤᠴᠢᠯᠠᠨ᠎ᠡ᠂   ᠡᠭᠦᠨ ᠳ᠋ᠣ ᠨᠠᠰᠤᠳᠠᠳ ᠡᠴᠡ᠄ 《 ᠵᠠ᠂ ᠤᠷᠳᠤ ᠨᠠᠰᠤᠯᠠᠵᠦ ᠤᠳᠠᠭᠠᠨ ᠵᠢᠷᠭᠠᠵᠦ ᠶᠠᠪᠤ᠋ 》 ᠢᠷᠦᠭᠡᠨ  ᠵᠦᠩᠨᠡᠵᠦ  ᠦᠨᠤᠰᠤᠨ  ᠵᠤᠯᠭᠠᠳᠠᠭ  ᠵᠠᠩᠰᠢᠯ ᠲᠠᠢ᠃ ᠤᠯᠠᠩᠬᠢ ᠳ᠋ᠠᠭᠠᠨ ᠠᠬᠠᠮᠠᠳ ᠨᠢ ᠰᠠᠭᠤᠵᠦ ᠲᠡᠭᠦᠤ ᠨᠠᠷ ᠪᠠᠭᠠᠴᠦᠳ ᠨᠢ ᠵᠤᠭᠰᠤᠵᠦ ᠮᠠᠨᠳᠤᠴᠢᠯᠠᠨ ᠵᠤᠯᠭᠠᠨ᠎ᠠ᠂ ᠦᠶ᠎ᠡ ᠬᠤᠷᠠᠭ ᠤᠨ ᠬᠢᠨ ᠬᠠᠷᠢᠯᠴᠠᠨ ᠵᠤᠭᠰᠤᠵᠦ ᠮᠠᠨᠳᠤᠴᠢᠯᠠᠨ ᠵᠤᠯᠭᠠᠨ᠎ᠠ᠃ ᠵᠤᠯᠭᠠᠯᠳᠠ ᠪᠠᠷᠠᠭᠰᠠᠨ ᠤ ᠲᠠᠷᠠᠭ᠎ᠠ᠂ ᠪᠠᠰᠠ ᠭᠦᠭᠦᠷ ᠰᠤᠯᠢᠯᠴᠡᠨ ᠵᠢᠯ ᠤᠨ  ᠦᠩᠭᠡ ᠪᠠ ᠨᠤᠲᠤᠭ ᠤᠰᠤᠨ ᠦᠩ ᠲᠠᠪᠠᠳᠠᠢ᠂ ᠮᠠᠯ ᠰᠦᠷᠦᠭ ᠤᠨ ᠲᠠᠷᠭᠤ  ᠬᠦᠴᠦ ᠶ᠋ᠢᠨ  ᠰᠠᠶᠢᠨ ᠢᠶᠡᠨ  ᠠᠰᠠᠭᠤᠯᠴᠠᠭᠠᠳ᠂ ᠨᠠᠰᠤᠨ ᠤ ᠶᠡᠬᠡ ᠪᠠᠭ᠎ᠠ ᠪᠠᠷ ᠵᠢᠭᠳᠡᠷᠡᠨ ᠰᠠᠭᠤᠵᠦ᠂ ᠠᠶᠢᠯ ᠤᠨ ᠪᠡᠷᠢᠶᠡᠳ ᠪᠦᠰᠡᠭᠦᠶᠢᠴᠦᠳ ᠡᠴᠡ ᠴᠠᠢ ᠠᠶᠠᠭᠠᠯᠠᠬᠤ᠂ ᠴᠠᠭᠠᠨ  ᠢᠳᠡᠭᠡᠨ  ᠠᠮᠬᠠᠷᠠᠭᠤᠯᠬᠤ᠂ ᠰᠢᠨ᠎ᠡ ᠶ᠋ᠢᠨ ᠬᠤᠭᠤᠯᠠ ᠬᠢᠵᠦ ᠦᠭᠬᠦ  ᠵᠡᠷᠭᠡ  ᠬᠦᠨᠳᠦᠯᠡᠯ ᠤᠨ  ᠶᠤᠰᠤᠨ ᠢ  ᠬᠦᠯᠢᠶᠡᠳᠡᠭ᠂  ᠠᠶᠢᠯ  ᠡᠷᠦᠬᠡ  ᠨᠢ  ᠡᠳᠡᠭᠡᠷ  ᠶᠤᠰᠤᠨ ᠢᠶᠡᠨ ᠭᠦᠢᠴᠡᠳᠭᠡᠭᠰᠡᠨ ᠨᠢ ᠲᠠᠷᠠᠭ᠎ᠠ ᠭᠡᠷ ᠤᠨ ᠠᠬᠠᠮᠠᠳ ᠪᠤᠭᠤᠷᠤᠯ ᠡᠴᠡ ᠵᠢᠯ ᠵᠢᠷᠬᠢᠭᠰᠡᠨ ᠬᠥᠮᠥᠰ ᠲᠦ ᠪᠡᠯᠡᠭ ᠭᠠᠷᠳᠠᠭᠤᠯᠵᠦ  《 ᠵᠠ᠂  ᠵᠢᠯ ᠢᠶᠡᠨ ᠲᠤᠯᠤᠭ᠎ᠠ ᠤᠷᠤᠭᠤᠯ ᠡ 》 ᠭᠡᠵᠦ ᠢᠷᠦᠭᠡᠨ ᠪᠠᠷᠢᠳᠠᠭ᠃ ᠡᠭᠦᠨ ᠤ ᠬᠠᠮᠳᠤ ᠤᠯᠠᠨ ᠢᠶᠠᠷ ᠰᠠᠭᠤᠭᠰᠠᠨ ᠤ ᠲᠠᠷᠠᠭ᠎ᠠ ᠠᠬᠠᠮᠠᠳ ᠡᠴᠡ ᠨᠢ ᠢᠷᠦᠭᠡᠯ ᠬᠡᠯᠡᠬᠦ ᠪᠠ ᠬᠠᠷᠢᠭᠤ ᠢᠷᠦᠭᠡᠯ ᠬᠡᠯᠡᠬᠦ ᠵᠡᠷᠬᠡ ᠪᠡᠯᠭᠡ ᠵᠦᠩᠨᠡᠯ ᠢ ᠲᠠᠯᠪᠢᠵᠦ ᠪᠠᠶᠠᠰᠴᠠᠭᠠᠳᠠᠭ᠂ ᠰᠢᠨᠡᠯᠡᠴᠢᠳ ᠶᠠᠪᠤᠬᠤ ᠳ᠋ᠠᠭᠠᠨ  ᠪᠠᠰᠠ ᠰᠢᠷᠡᠭᠡᠨ ᠢᠷᠦᠭᠡᠯ ᠴᠤ ᠲᠠᠯᠪᠢᠳᠠᠭ ᠪᠠᠶᠢᠭᠰᠠᠨ  ᠰᠠᠨ᠃ 

ᠦᠵᠦᠮᠦᠴᠢᠨ ᠤ  ᠰᠠᠷ᠎ᠠ  ᠰᠢᠨ᠎ᠡ ᠶ᠋ᠢᠨ  ᠭᠤᠷᠪᠠᠨ  ᠲᠠᠭᠤᠤ  ᠭᠡᠪᠡᠯ  《 ᠰᠢᠵᠢᠷ ᠪᠤᠭᠳᠠ ᠶ᠋ᠢᠨ ᠰᠢᠯᠢ》᠂ 《 ᠵᠢᠪᠴᠡᠭᠡᠷ ᠬᠤᠷᠳᠤᠨ ᠰᠢᠷᠭ᠎ᠠ》᠂ 《 ᠴᠠᠭᠠᠨ ᠵᠡᠭᠡᠷ᠎ᠡ ᠶ᠋ᠢᠨ ᠰᠢᠯᠢ》 ᠪᠤᠯᠤᠨ᠎ᠠ᠃    《 ᠰᠢᠵᠢᠷ ᠪᠤᠭᠳᠠ ᠶ᠋ᠢᠨ ᠰᠢᠯᠢ》 ᠭᠡᠬᠦ ᠲᠠᠭᠤᠤ ᠳᠤ᠄        

ᠰᠢᠵᠢᠷ ᠪᠤᠭᠳᠠ ᠶ᠋ᠢᠨ ᠰᠢᠯᠢ ᠳ᠋ᠡᠬᠡᠨ        

ᠰᠢᠵᠢᠷᠬᠡᠨ ᠭᠤᠷᠭᠤᠤᠯᠳᠠᠢ ᠲᠤᠩᠭᠤᠳᠤᠨ᠎ᠠ        

ᠰᠢᠨ᠎ᠡ ᠵᠢᠯ ᠤᠨ ᠪᠠᠶᠠᠷ ᠲᠠᠭᠠᠨ        

ᠵᠢᠭᠳᠡᠯᠡᠩᠬᠡᠨ ᠰᠠᠭᠤᠮᠠᠨ ᠨᠠᠶᠢᠷᠯᠠᠶ᠎ᠠ        

ᠠᠯᠳᠠᠨ ᠪᠤᠭᠳᠠ ᠶ᠋ᠢᠨ ᠰᠢᠯᠢ ᠳ᠋ᠡᠬᠡᠨ        

ᠠᠯᠳᠠᠨ ᠭᠤᠷᠭᠤᠤᠯᠳᠠᠢ ᠲᠤᠩᠭᠤᠳᠤᠨ᠎ᠠ        

ᠠᠮᠤᠭᠤᠯᠠᠩᠳᠦ ᠰᠠᠷ᠎ᠠ ᠶ᠋ᠢᠨ ᠰᠢᠨ᠎ᠡ ᠳ᠋ᠡᠬᠡᠨ        

ᠠᠶᠠᠯᠠᠭᠤᠯᠠᠩᠬᠠᠨ ᠲᠠᠭᠤᠯᠠᠮᠠᠨ ᠨᠠᠶᠢᠷᠯᠠᠶ᠎ᠠ᠁        

《 ᠵᠢᠪᠴᠡᠭᠡᠷ ᠬᠤᠷᠳᠤᠨ ᠰᠢᠷᠭ᠎ᠠ》 ᠭᠡᠬᠦ ᠲᠠᠭᠤᠤ ᠳᠤ᠄        

ᠵᠢᠪᠴᠡᠭᠡᠷ ᠬᠤᠷᠳᠤᠨ ᠰᠢᠷᠭ᠎ᠠ ᠪᠠᠷ ᠢᠶᠡᠨ        

ᠵᠢᠪᠴᠡᠯᠡᠩᠬᠡᠨ ᠲᠠᠮᠡᠤᠯᠤᠮᠠᠨ ᠢᠷᠡᠯ᠎ᠡ ᠳ᠋ᠠ        

ᠵᠢᠯ ᠰᠠᠷ᠎ᠠ ᠶ᠋ᠢᠨ ᠢᠶᠡᠨ ᠡᠬᠢᠨ ᠳ᠋ᠡᠬᠡᠨ        

ᠵᠢᠭᠳᠡᠯᠡᠩᠬᠡᠨ ᠰᠠᠭᠤᠮᠠᠨ ᠨᠠᠶᠢᠷᠯᠠᠶ᠎ᠠ᠁        

《 ᠴᠠᠭᠠᠨ ᠵᠡᠭᠡᠷ᠎ᠡ ᠶ᠋ᠢᠨ ᠰᠢᠯᠢ》 ᠭᠡᠬᠦ ᠲᠠᠭᠤᠤ ᠳᠤ᠄        

ᠴᠠᠭᠠᠨ ᠵᠡᠭᠡᠷ᠎ᠡ ᠶ᠋ᠢᠨ ᠰᠢᠯᠢ ᠳ᠋ᠡᠬᠡᠨ        

ᠴᠠᠰᠤᠨ ᠤ ᠮᠠᠨᠠᠨ ᠨᠢ ᠲᠠᠳᠠᠯ᠎ᠠ ᠳ᠋ᠠ        

ᠴᠠᠭᠠᠨ ᠰᠠᠷ᠎ᠠ ᠶ᠋ᠢᠨ ᠰᠢᠨᠡᠳ ᠢᠶᠠᠷ ᠢᠶᠡᠨ        

ᠡᠵᠢ ᠳ᠋ᠡᠬᠡᠨ  ᠬᠦᠷᠦᠭᠡᠳ  ᠵᠤᠯᠭᠠᠶ᠎ᠠ  ᠳ᠋ᠠ᠁  ᠭᠡᠵᠦ 

ᠨᠠᠰᠤᠳᠠᠶᠢᠴᠦᠳ ᠢᠶᠡᠨ  ᠪᠠᠶᠠᠷᠯᠠᠭᠤᠯᠤᠨ ᠠᠶᠢᠯ ᠭᠡᠷ ᠢ  ᠵᠢᠷᠭᠠᠭᠤᠯᠵᠦ ᠬᠦᠭᠵᠢᠯᠳᠦᠨ ᠬᠡᠰᠦᠳᠡᠭ ᠪᠢᠯᠡ᠃        

ᠰᠢᠨ᠎ᠡ ᠶ᠋ᠢᠨ ᠴᠠᠢ ᠤᠤᠭᠤᠯᠭᠠᠬᠤ᠃ ᠰᠢᠨ᠎ᠡ ᠶ᠋ᠢᠨ ᠲᠠᠪᠤᠨ ᠡᠴᠡ ᠡᠬᠢᠯᠡᠵᠦ᠂ ᠤᠶᠢᠷ᠎ᠠ  ᠰᠠᠭᠠᠬᠠᠯᠳᠠ ᠪᠠᠷ ᠰᠢᠨᠡᠯᠡᠭᠰᠡᠨ ᠠᠶᠢᠯ ᠡᠷᠦᠬᠡ ᠤᠳ ᠬᠠᠷᠢᠯᠴᠠᠨ ᠵᠠᠯᠠᠵᠦ ᠰᠢᠨ᠎ᠡ ᠶ᠋ᠢᠨ ᠴᠠᠢ ᠭᠡᠵᠦ ᠤᠤᠭᠤᠯᠭᠠᠳᠠᠭ ᠪᠦᠭᠡᠳ ᠬᠤᠵᠢᠮ ᠤᠨ ᠢᠶᠡᠨ ᠰᠠᠶᠢᠨ ᠰᠠᠶᠢᠬᠠᠨ ᠨᠦᠬᠦᠷᠰᠡᠭ ᠪᠠᠶᠢᠬᠤ᠂ ᠬᠠᠷᠢᠯᠴᠠᠨ ᠬᠠᠪᠰᠤᠷᠤᠯᠴᠠᠬᠤ᠂ ᠨᠠᠶᠢᠷ ᠬᠦᠷ ᠲᠠᠢ ᠶᠠᠪᠤᠯᠴᠠᠬᠤ ᠪᠠᠨ ᠪᠡᠯᠭᠡᠳᠡᠳᠡᠭ  ᠶᠤᠮ᠃  ᠢᠩᠬᠢᠵᠦ  ᠤᠯᠠᠨ  ᠠᠶᠢᠯ  ᠡᠷᠦᠬᠡ ᠰᠢᠨ᠎ᠡ ᠶ᠋ᠢᠨ ᠨᠤᠲᠤᠭ ᠡᠴᠡ ᠪᠠᠨ ᠦᠪᠡᠷ ᠤᠨ ᠲᠤᠷ᠎ᠠ ᠲᠠᠢ ᠪᠡᠯᠴᠢᠭᠡᠷ ᠤᠰᠤᠨ ᠢᠶᠡᠨ ᠲᠠᠭᠠᠵᠦ᠂ ᠰᠠᠯᠤᠨ ᠨᠡᠭᠦᠳᠡᠯᠵᠡᠭᠡᠳᠡᠭ ᠶᠤᠮᠰᠠᠨ᠃     

ᠰᠠᠷ᠎ᠠ ᠰᠢᠨ᠎ᠡ ᠶ᠋ᠢᠨ ᠪᠠᠶᠠᠷ ᠳ᠋ᠠᠬᠢ ᠴᠡᠭᠡᠷ᠃ ᠦᠵᠦᠮᠦᠴᠢᠨ ᠮᠤᠩᠭᠤᠯᠴᠦᠳ ᠶᠠᠷᠤ ᠡᠴᠡ ᠠᠮᠢᠳᠤᠷᠠᠯ ᠤᠨ  ᠴᠡᠭᠡᠷ  ᠬᠤᠷᠢᠭ᠎ᠠ ᠶ᠋ᠢ ᠬᠠᠮᠤᠭ ᠡᠴᠡ ᠡᠷᠬᠢᠮᠯᠡᠳᠡᠭ ᠪᠤᠯᠪᠠᠰᠤᠨ ᠶᠤᠰᠤ ᠰᠤᠷᠳᠠᠬᠤᠨ ᠲᠠᠢ ᠠᠷᠠᠳ  ᠲᠦᠮᠡᠨ  ᠶᠤᠮ᠂  ᠨᠠᠰᠤᠳᠠᠨ  ᠪᠤᠭᠤᠷᠤᠯᠴᠦᠳ ᠡᠴᠡ  ᠦᠷ᠎ᠡ ᠬᠤᠶᠢᠴᠢᠰ ᠢᠶᠡᠨ ᠬᠠᠷᠠᠬᠠᠨ ᠪᠠᠭ᠎ᠠ ᠡᠴᠡ  ᠨᠢ  ᠰᠤᠷᠭᠠᠨ  ᠴᠡᠭᠡᠷᠯᠡᠭᠦᠯᠵᠦ  ᠶᠠᠷᠢᠵᠦ  ᠪᠠᠶᠢᠳᠠᠭ  ᠠᠵᠠᠢ᠃  ᠵᠦᠪᠬᠡᠨ  ᠰᠠᠷ᠎ᠠ  ᠰᠢᠨ᠎ᠡ ᠶ᠋ᠢᠨ ᠪᠠᠶᠠᠷ ᠳ᠋ᠠᠬᠢ ᠴᠡᠭᠡᠷ ᠬᠤᠷᠢᠭ᠎ᠠ ᠡᠴᠡ ᠲᠤᠷᠠᠳᠤᠪᠠᠯ᠄        

1. ᠲᠡᠭᠷᠢ ᠶ᠋ᠢᠨ ᠬᠠᠷ᠎ᠠ ᠨᠤᠬᠠᠢ ᠶ᠋ᠢᠨ ᠠᠮᠠᠨ ᠵᠦᠭ ᠮᠦᠷ ᠭᠠᠷᠭᠠᠬᠤ ᠶ᠋ᠢ  ᠴᠡᠭᠡᠷᠯᠡᠨ᠎ᠡ᠂  ᠲᠠᠷᠤᠢ  ᠵᠢᠷᠤᠬᠠᠢ ᠶ᠋ᠢᠨ ᠰᠠᠭᠤᠳᠠᠯ ᠤᠨ ᠵᠢᠷᠤᠮ ᠢᠶᠠᠷ ᠪᠠᠷᠢᠮᠵᠢᠶᠡᠯᠡᠨ᠎ᠡ        

2. ᠰᠠᠷ᠎ᠠ ᠰᠢᠨ᠎ᠡ ᠶ᠋ᠢᠨ ᠬᠤᠭᠤᠴᠠᠭᠠᠨ ᠳᠤ ᠡᠮ  ᠲᠠᠩ ᠤᠤᠭᠤᠬᠤ ᠶ᠋ᠢ  ᠴᠡᠭᠡᠷᠯᠡᠨ᠎ᠡ᠂  ᠨᠡᠩ  ᠢᠯᠠᠩᠭᠤᠷ᠎ᠠ  ᠪᠢᠳᠡᠭᠦᠨ ᠡᠴᠡ ᠰᠢᠨ᠎ᠡ ᠶ᠋ᠢᠨ ᠭᠤᠷᠪᠠᠨ ᠬᠦᠷᠳᠡᠯ᠎ᠡ ᠡᠮ ᠬᠡᠷᠡᠭᠯᠡᠬᠦ ᠶ᠋ᠢ ᠵᠤᠭᠰᠤᠳᠠᠭ        

3. ᠪᠢᠳᠡᠭᠦᠨ ᠪᠠ ᠰᠢᠨ᠎ᠡ ᠶ᠋ᠢᠨ ᠨᠢᠭᠡᠨ ᠳᠤ ᠭᠡᠭᠡᠷ᠎ᠡ ᠭᠠᠳᠠᠨ᠎ᠠ ᠪᠠ  ᠠᠶᠢᠯ ᠳᠤ ᠬᠤᠨᠤᠬᠤ ᠶ᠋ᠢ  ᠴᠡᠭᠡᠷᠯᠡᠨ᠎ᠡ᠂  ᠭᠠᠢ  ᠪᠠᠷᠴᠢᠳ ᠤᠴᠠᠷᠠᠬᠤ ᠪᠠ ᠰᠦᠨᠡᠰᠦ ᠲᠦᠭᠡᠷᠢᠨ᠎ᠡ ᠭᠡᠳᠡᠭ        

4. ᠮᠠᠯ ᠰᠦᠷᠦᠭ ᠢᠶᠡᠨ ᠭᠡᠭᠡᠷ᠎ᠡ ᠭᠠᠳᠠᠨ᠎ᠠ ᠪᠠ ᠪᠤᠰᠤᠳ ᠤᠨ ᠰᠦᠷᠦᠭ ᠲᠠᠢ ᠨᠡᠶᠢᠯᠡᠭᠦᠯᠦᠨ ᠬᠤᠨᠤᠭᠤᠯᠬᠤ ᠶ᠋ᠢ ᠴᠡᠭᠡᠷᠯᠡᠨ᠎ᠡ᠂ ᠮᠠᠯ ᠪᠠᠭᠤᠷᠠᠨ᠎ᠠ ᠭᠡᠳᠡᠭ        

5. ᠮᠠᠯ ᠤᠨᠤᠭ᠎ᠠ᠂ ᠨᠤᠬᠠᠢ ᠲᠡᠵᠢᠭᠡᠪᠦᠷᠢ ᠪᠠᠨ ᠬᠠᠷᠢᠶᠠᠵᠦ ᠴᠤᠬᠢᠬᠤ ᠶ᠋ᠢ ᠴᠡᠭᠡᠷᠯᠡᠨ᠎ᠡ᠂ ᠮᠠᠯ ᠤᠨ ᠭᠡᠰᠢᠭ ᠵᠠᠶᠢᠯᠠᠨ᠎ᠠ ᠭᠡᠳᠡᠭ        

6. ᠬᠡᠯᠡ ᠠᠮᠠ ᠬᠡᠷᠡᠭᠦᠯ ᠵᠤᠳᠤᠭᠠᠨ ᠬᠢᠬᠦ ᠶ᠋ᠢ ᠴᠡᠭᠡᠷᠯᠡᠨ᠎ᠡ᠂ ᠠᠶᠢᠯ ᠭᠡᠷ ᠪᠤᠳᠠᠷᠠᠨ ᠰᠠᠷᠨᠢᠬᠤ ᠠᠶᠤᠯ ᠳᠤ ᠤᠴᠠᠷᠠᠨ᠎ᠠ ᠭᠡᠳᠡᠭ᠁ ᠭᠡᠬᠦ ᠵᠡᠷᠭᠡ ᠴᠡᠭᠡᠷ ᠬᠤᠷᠢᠭ᠎ᠠ ᠮᠠᠰᠢ ᠤᠯᠠᠨ ᠪᠠᠶᠢᠳᠠᠭ ᠪᠢᠯᠡ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄