ᠤᠯᠤᠰ ᠤᠨ ᠠᠯᠪᠠᠲᠠᠨ ᠠᠵᠢᠯ ᠵᠢᠡᠨ ᠬᠠᠶᠠᠪᠠᠯ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠶᠢᠭ᠎ᠠ ᠭᠠᠵᠠᠷ ᠲᠤᠨᠢ ᠪᠤᠴᠠᠭᠠᠨ᠎ᠠ

ᠤᠩᠰᠢᠭᠰᠠᠨ ᠤᠳᠠᠭ᠎ᠠ ᠄ 719    ᠨᠡᠶᠢᠳᠡᠯᠡᠭᠰᠡᠨ ᠴᠠᠭ ᠄ 2017-01-23

ᠠᠯᠪᠠᠲᠠᠨ ᠤ ᠠᠵᠢᠯ ᠵᠢᠡᠨ ᠬᠠᠶᠠᠵᠤ ᠠᠵᠤ ᠠᠬᠤᠢᠯᠠᠯ ᠳ᠋ᠤ ᠤᠴᠢᠵᠤ ᠠᠵᠢᠯᠯᠠᠭᠰᠠᠳ ᠡᠳᠤᠷ ᠢᠷᠡᠬᠦᠶ᠎ᠡ ᠤᠯᠠᠰᠢᠷᠠᠬᠤ ᠵᠢ ᠲᠠᠭᠠᠯᠳᠤᠨ᠂ ᠲᠡᠳᠡᠨ ᠤ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠬᠡᠷᠬᠢᠨ ᠰᠢᠯᠵᠢᠬᠦᠯᠬᠦ᠂ ᠠᠵᠢᠯ ᠡᠴᠡ ᠪᠡᠨ ᠠᠮᠠᠷᠠᠭᠰᠠᠨ ᠤ ᠲᠠᠷᠠᠭᠠᠬᠢ ᠬᠦᠯᠦᠰᠦ ᠬᠠᠷᠠᠮᠵᠢ ᠵᠢ ᠨᠢ ᠬᠡᠷᠬᠢᠨ ᠪᠤᠳᠤᠬᠤ ᠶᠠᠪᠤᠳᠠᠯ ᠤᠯᠤᠰ ᠤᠨ ᠠᠯᠪᠠᠳᠠᠳ ᠤᠨ ᠤᠯᠠᠮ ᠡᠴᠡ ᠤᠯᠠᠮ ᠠᠩᠬᠠᠷᠤᠯ ᠲᠠᠯᠪᠢᠳᠠᠭ ᠠᠰᠠᠭᠤᠳᠠᠯ ᠪᠤᠯᠵᠠᠢ᠃

ᠦᠴᠦᠭᠡᠳᠤᠷ᠂ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠵᠢᠨ ᠶᠠᠮᠤᠨ ᠮᠡᠳᠡᠭᠳᠡᠯ ᠪᠠᠭᠤᠯᠭᠠᠵᠤ᠂ ᠠᠯᠪᠠᠨ ᠪᠠᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ ᠠᠵᠢᠯᠲᠠᠨ ᠠᠵᠢᠯ ᠵᠢᠡᠨ ᠬᠠᠶᠠᠬᠤ ᠳ᠋ᠤ ᠬᠦᠷᠪᠡᠯ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠶᠢᠭ᠎ᠠ ᠭᠠᠵᠠᠷ ᠲᠤᠨᠢ ᠰᠢᠯᠵᠢᠬᠦᠯᠦᠨ᠎ᠡ ᠭᠡᠵᠤ ᠲᠤᠳᠤᠷᠬᠠᠢ ᠲᠤᠭᠲᠠᠭᠠᠭᠰᠠᠨ ᠪᠠᠶᠢᠨ᠎ᠠ᠃ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠵᠢᠨ ᠶᠠᠮᠤᠨ ᠤ ᠰᠢᠨᠡᠭᠡᠨ ᠨᠡᠶᠢᠲᠡᠯᠡᠭᠰᠡᠨ ᠪᠢᠴᠢᠭ ᠮᠠᠲ᠋ᠸᠷᠢᠶᠠᠯ ᠳ᠋ᠤ ᠲᠤᠭᠲᠠᠭᠠᠭᠰᠠᠨ ᠨᠢ᠄ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ ᠲᠠᠭᠠᠳᠬᠠᠯ ᠳ᠋ᠤ ᠤᠷᠤᠭᠴᠢ ᠨᠢ ᠠᠳᠠᠯᠢ ᠨᠢᠭᠡᠨ ᠨᠢᠭᠡᠲᠦᠯᠲᠠᠢ ᠲᠦᠯᠦᠪᠯᠡᠬᠦ ᠬᠡᠪᠴᠢᠶᠡᠨ ᠳ᠋ᠡᠬᠢ ᠠᠯᠪᠠᠨ  ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ ᠬᠤᠭᠤᠷᠤᠨᠳᠤ ᠰᠢᠯᠵᠢᠬᠦ ᠳ᠋ᠤ ᠬᠦᠷᠪᠡᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠬᠦᠯᠬᠦ ᠡᠴᠡ ᠪᠢᠰᠢ ᠰᠠᠭᠤᠷᠢ ᠮᠦᠩᠬᠦ ᠵᠢ ᠰᠢᠯᠵᠢᠬᠦᠯᠬᠦ ᠦᠭᠡᠢ᠂ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠲᠦᠷᠢᠮ ᠤᠨ ᠲᠤᠳᠤᠷ᠎ᠠ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠭᠦ ᠳ᠋ᠤ ᠬᠦᠷᠪᠡᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠬᠦᠯᠬᠦ ᠵᠢᠨ ᠬᠠᠮᠳᠤ ᠰᠠᠭᠤᠷᠢ ᠮᠦᠩᠬᠦ ᠵᠢ ᠨᠢ ᠪᠠᠰᠠ ᠰᠢᠯᠵᠢᠬᠦᠯᠦᠨ᠎ᠡ᠃         

ᠬᠡᠷᠪᠡ ᠲᠠᠭᠠᠳᠬᠠᠯ ᠳ᠋ᠤ ᠤᠷᠤᠭᠴᠢ ᠨᠢ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠡᠴᠡ ᠠᠵᠤ ᠠᠬᠤᠢᠯᠠᠯ ᠳ᠋ᠤ ᠰᠢᠯᠵᠢᠭᠦ ᠳ᠋ᠤ ᠬᠦᠷᠪᠡᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠬᠦᠯᠬᠦ  ᠵᠢᠨ ᠬᠠᠮᠳᠤ ᠰᠠᠭᠤᠷᠢ ᠮᠦᠩᠬᠦ ᠵᠢ ᠨᠢ ᠪᠠᠰᠠ ᠰᠢᠯᠵᠢᠬᠦᠯᠦᠨ᠎ᠡ᠃ ᠡᠬᠦᠨ ᠳ᠋ᠤ ᠲᠠᠭᠠᠳᠬᠠᠯ ᠳ᠋ᠤ ᠤᠷᠤᠭᠴᠢ ᠨᠢ ᠵᠤᠬᠢᠶᠠᠨ ᠪᠠᠶᠢᠭᠤᠯᠤᠯᠲᠠ ᠵᠢᠨ ᠵᠦᠪᠰᠢᠶᠡᠷᠡᠯ ᠵᠢᠡᠷ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠡᠴᠡ ᠠᠵᠤ ᠠᠬᠤᠶᠢᠯᠠᠯ ᠳ᠋ᠤ ᠰᠢᠯᠵᠢᠭᠦ ᠳ᠋ᠤ ᠬᠦᠷᠪᠡᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠵᠤ ᠤᠴᠢᠭᠰᠠᠨ ᠠᠵᠤ  ᠠᠬᠤᠶᠢᠯᠠᠯ ᠤᠨ ᠲᠠᠭᠠᠳᠬᠠᠯ ᠳ᠋ᠤ ᠤᠷᠤᠬᠰᠠᠨ ᠭᠠᠵᠠᠷ ᠲᠦᠰᠢᠯᠵᠢᠭᠦᠯᠦᠨ᠎ᠡ᠂ ᠲᠠᠭᠠᠳᠬᠠᠯ ᠳ᠋ᠤ ᠤᠷᠤᠭᠴᠢ ᠨᠢ ᠠᠵᠢᠯ ᠵᠢᠡᠨ ᠬᠠᠶᠠᠬᠤ᠂ ᠠᠵᠢᠯ ᠡᠴᠡ ᠨᠢ ᠵᠤᠭᠰᠤᠭᠠᠬᠤ ᠵᠡᠷᠭᠡ ᠰᠢᠯᠲᠠᠭᠠᠨ ᠡᠴᠠ ᠪᠤᠯᠵᠤ ᠠᠯᠪᠠᠨ  ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠡᠴᠡ ᠰᠠᠯᠬᠤ ᠳ᠋ᠤ ᠬᠦᠷᠪᠡᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠶᠢᠭ᠎ᠠ ᠭᠠᠵᠠᠷ ᠲᠤᠨᠢ ᠰᠢᠯᠵᠢᠬᠦᠯᠦᠨ᠎ᠡ᠃         

ᠬᠣᠶᠢᠰᠢᠳᠠ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ ᠠᠵᠢᠯᠲᠠᠨ ᠡᠷᠦᠭᠡ ᠠᠮᠠ ᠵᠢᠨ ᠲᠠᠩᠰᠠ ᠪᠠᠶᠢᠭ᠎ᠠ ᠭᠠᠵᠠᠷ ᠡᠴᠡ ᠪᠡᠨ ᠪᠤᠰᠤᠳ ᠭᠠᠵᠠᠷ ᠲᠦ ᠠᠵᠢᠯ ᠤᠯᠵᠤ ᠲᠠᠭᠠᠳᠬᠠᠯ ᠳ᠋ᠤ ᠤᠷᠤᠭᠰᠠᠨ ᠪᠠᠶᠢᠪᠠᠯ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠠᠵᠤ ᠠᠬᠤᠢᠯᠠᠯ ᠤᠨ ᠠᠵᠢᠯᠲᠠᠨ ᠠᠵᠢᠯᠴᠢᠨ ᠤ ᠬᠠᠮᠢᠶ᠎ᠠ ᠪᠦᠬᠦᠢ ᠲᠤᠭᠲᠠᠭᠠᠯ ᠵᠢᠡᠷ ᠰᠢᠯᠵᠢᠬᠦᠯᠦᠨ᠎ᠡ᠃ ᠲᠡᠭᠡᠳᠤ ᠰᠤᠷᠭᠠᠭᠤᠯᠢ᠂ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠭᠠᠵᠠᠷ ᠵᠡᠷᠭᠡ ᠠᠵᠢᠯ ᠦᠢᠯᠡᠰ ᠤᠨ ᠨᠢᠭᠡᠴᠡ ᠵᠢᠨ ᠲᠤᠰᠬᠠᠢ ᠮᠡᠷᠭᠡᠵᠢᠯ ᠤᠨ ᠠᠵᠢᠯᠲᠠᠨ ᠤ ᠠᠵᠢᠯ ᠤᠨ ᠪᠠᠶᠢᠷᠢ ᠡᠴᠡ ᠪᠡᠨ ᠰᠠᠯᠵᠤ ᠠᠳᠠᠯ ᠦᠢᠯᠡᠰ ᠴᠤᠭᠴᠠᠯᠠᠨ ᠠᠵᠢᠯᠲᠠᠨ ᠤ ᠶᠠᠪᠤᠳᠠᠯ ᠤᠨ ᠬᠠᠷᠢᠴᠠᠭ᠎ᠠ ᠪᠡᠨ ᠦᠯᠡᠳᠡᠭᠡᠵᠤ ᠪᠠᠶᠢᠭ᠎ᠠ ᠬᠤᠭᠤᠴᠠᠭᠠᠨ ᠳ᠋ᠤ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠲᠦᠷ ᠰᠢᠯᠵᠢᠬᠦᠯᠬᠦ ᠦᠭᠡᠢ ᠪᠠᠶᠢᠵᠤ ᠪᠤᠯᠤᠨ᠎ᠠ᠃         

ᠲᠠᠭᠠᠳᠬᠠᠯ ᠳ᠋ᠤ ᠤᠷᠤᠭᠴᠢ ᠨᠢ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠬᠦ᠂  ᠡᠰᠡᠬᠦᠯ᠎ᠡ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠡᠴᠡ ᠠᠵᠤ ᠠᠬᠤᠢᠯᠠᠯ ᠳ᠋ᠤ ᠰᠢᠯᠵᠢᠬᠦ ᠳ᠋ᠤ ᠬᠦᠷᠪᠡᠯ᠂ ᠬᠤᠪᠢ ᠬᠦᠮᠦᠨ ᠤ ᠰᠦᠢᠳᠭᠡᠯ ᠲᠤᠰᠢᠶᠠᠬᠤ ᠬᠡᠰᠡᠭ ᠢ ᠲᠤᠰ ᠬᠦᠮᠦᠨ ᠤ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠤᠪᠢ ᠬᠦᠮᠦᠨ ᠤ ᠲᠠᠩᠰᠠᠨ ᠡᠷᠦᠭᠡ ᠳ᠋ᠤ ᠪᠤᠳᠤᠵᠤ ᠤᠷᠤᠭᠤᠯᠤᠭᠰᠠᠨ ᠪᠦᠬᠦ ᠬᠠᠳᠠᠭᠠᠯᠠᠮᠵᠢ ᠵᠢᠨ ᠲᠤᠭ᠎ᠠ ᠪᠡᠷ ᠪᠤᠳᠤᠵᠤ ᠰᠢᠯᠵᠢᠬᠦᠯᠦᠨ᠎ᠡ᠃ ᠨᠢᠭᠡᠴᠡ ᠵᠢᠨ ᠰᠦᠢᠳᠭᠡᠯ ᠲᠤᠰᠢᠶᠠᠬᠤ ᠬᠡᠰᠡᠭ ᠢ ᠦᠭᠡᠷᠡᠴᠢᠯᠡᠯᠲᠡ ᠬᠢᠭᠰᠡᠨ ᠡᠴᠡ ᠰᠡᠬᠦᠯᠡᠷᠬᠢ ᠲᠤᠰ ᠬᠦᠮᠦᠨ ᠤ ᠡᠯ᠎ᠡ ᠵᠦᠢᠯ ᠤᠨ ᠪᠤᠲᠠᠲᠠᠢ ᠰᠦᠢᠳᠭᠡᠯ ᠲᠤᠰᠢᠶᠠᠭᠰᠠᠨ ᠴᠠᠯᠢᠩ ᠵᠢᠡᠷ ᠰᠠᠭᠤᠷᠢ ᠲᠤᠭ᠎ᠠ ᠪᠤᠯᠭᠠᠨ᠂ 12% ‍ᠤᠨ  ᠨᠡᠶᠢᠯᠡᠪᠦᠷᠢ ᠪᠡᠷ ᠰᠢᠯᠵᠢᠬᠦᠯᠦᠨ᠎ᠡ᠂ ᠲᠠᠭᠠᠳᠬᠠᠯ ᠳ᠋ᠤ ᠤᠷᠤᠵᠤ ᠰᠦᠢᠳᠭᠡᠯ ᠲᠤᠰᠢᠶᠠᠭᠠᠳ ᠨᠢᠭᠡ ᠵᠢᠯ ᠪᠤᠯᠤᠭᠠᠳᠤᠢ ᠪᠠᠶᠢᠪᠠᠯ᠂ ᠪᠤᠲᠠᠲᠠᠢ ᠰᠦᠢᠳᠭᠡᠯ ᠲᠤᠰᠢᠶᠠᠭᠰᠠᠨ ᠰᠠᠷ᠎ᠠ ᠵᠢᠨ ᠲᠤᠭ᠎ᠠ ᠪᠡᠷ ᠪᠤᠳᠤᠵᠤ ᠰᠢᠯᠵᠢᠬᠦᠯᠦᠨ᠎ᠡ᠃        

ᠲᠠᠭᠠᠳᠬᠠᠯ ᠳ᠋ᠤ ᠤᠷᠤᠭᠴᠢ ᠨᠢ  ᠠᠯᠪᠠᠨ ᠪᠠᠢᠭᠤᠯᠤᠯᠭ᠎ᠠ ᠠᠵᠢᠯ ᠦᠢᠯᠡᠰ ᠤᠨ ᠨᠢᠭᠡᠴᠡ ᠵᠢᠨ  ᠬᠤᠭᠤᠷᠤᠨᠳᠤ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠭᠦ ᠳ᠋ᠤ ᠬᠦᠷᠪᠡᠯ᠂ ᠠᠵᠢᠯ ᠡᠴᠡ ᠪᠡᠨ ᠠᠮᠠᠷᠠᠬᠤ ᠨᠠᠰᠤᠨ ᠳ᠋ᠤ ᠬᠦᠷᠬᠦ ᠳ᠋ᠤᠨᠢ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭ᠎ᠠ ᠵᠢ ᠨᠢ ᠲᠤᠰ ᠬᠦᠮᠦᠨ ᠤ ᠠᠵᠢᠯ ᠡᠴᠡ ᠪᠡᠨ ᠠᠮᠠᠷᠠᠬᠤ ᠦᠶ᠎ᠡ ᠵᠢᠨ ᠵᠡᠷᠭᠡ ᠲᠤᠰᠢᠶᠠᠯ ᠤᠨ ᠲᠡᠰ᠂ ᠬᠠᠷᠠᠭᠠᠯᠵᠠᠭᠰᠠᠨ  ᠬᠦᠯᠦᠰᠦ ᠬᠠᠷᠠᠮᠵᠢ ᠬᠦᠷᠳᠡᠬᠦ ᠭᠠᠵᠠᠷ ᠤᠨ ᠬᠢᠨᠢ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭᠠᠨ ᠤ ᠪᠠᠷᠢᠮᠵᠢᠶ᠎ᠠ ᠵᠢ ᠦᠨᠳᠦᠰᠦᠯᠡᠨ ᠲᠤᠭᠲᠠᠭᠠᠨ᠎ᠠ᠃ ᠲᠠᠭᠠᠳᠬᠠᠯ ᠳ᠋ᠤ ᠤᠷᠤᠭᠴᠢ ᠨᠢ ᠠᠯᠪᠠᠨ ᠪᠠᠶᠢᠭᠤᠯᠤᠯᠭ᠎ᠠ ᠠᠵᠢᠯ ᠦᠢᠯᠡᠰ ᠤᠨ ᠨᠢᠭᠡᠴᠡ ᠡᠴᠡ ᠠᠵᠤ ᠠᠬᠤᠶᠢᠯᠠᠯ ᠳ᠋ᠤ ᠰᠢᠯᠵᠢᠵᠤ ᠲᠠᠭᠠᠳᠬᠠᠯ ᠳ᠋ᠤ ᠤᠷᠤᠬᠤ ᠳ᠋ᠤ ᠬᠦᠷᠪᠡᠯ᠂ ᠲᠡᠬᠦᠨ ᠤ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭ᠎ᠠ ᠵᠢ ᠠᠵᠤ ᠠᠬᠤᠶᠢᠯᠠᠯ ᠤᠨ  ᠠᠵᠢᠯᠳᠠᠨ ᠠᠵᠢᠯᠴᠢᠨ ᠤ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠤᠯᠪᠤᠭᠳᠠᠯ ᠪᠦᠬᠦᠢ ᠲᠦᠷᠦ ᠵᠢᠨ ᠪᠤᠳᠤᠯᠭ᠎ᠠ ᠵᠢ ᠦᠨᠳᠦᠰᠦᠯᠡᠨ ᠲᠤᠭᠲᠠᠭᠠᠨ᠎ᠠ᠃

ᠢᠷᠡᠯᠳᠡ᠄ ᠠᠷᠠᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄