ᠮᠣᠡᠭᠭᠣᠯᠴᠣᠳ ‍ᠤᠨ ᠪᠠᠷᠠᠭᠣᠨ ᠵᠦᠭ ‍ᠢ ᠲᠡᠭᠡᠳᠣᠯᠡᠬᠦ ᠶᠣᠰᠣᠨ

ᠤᠩᠰᠢᠭᠰᠠᠨ ᠤᠳᠠᠭ᠎ᠠ ᠄ 874    ᠨᠡᠶᠢᠳᠡᠯᠡᠭᠰᠡᠨ ᠴᠠᠭ ᠄ 2016-12-14

       ᠮᠣᠡᠭᠭᠣᠯ ᠠᠷᠠᠳ ‍ᠤᠨ ᠠᠷᠢᠬᠢᠨ ᠲᠠᠭᠣᠤ 《 ᠲᠦᠷᠪᠡᠨ ᠲᠠᠯᠠᠢ ᠶ᠋ᠢᠨ ᠣᠰᠣᠨ 》 ᠳᠤ 《 ᠪᠠᠷᠠᠭᠣᠨ ᠲᠠᠯᠠᠢ ᠶ᠋ᠢᠨ ᠣᠰᠣᠨ ᠳ᠋ᠣᠷ ᠠᠳᠠᠯᠢ ᠲᠣᠡᠭᠭᠠᠯᠠᠭ ᠶᠣᠮ ᠳ᠋ᠠ ᠁ 》 ᠬᠡᠵᠣ ᠲᠠᠭᠣᠯᠠᠵᠣ ᠪᠠᠶᠢᠬᠣ ᠳᠤ 《 ᠲᠣᠭᠣᠯᠵᠢᠨ ᠠᠭᠣᠯᠠ 》 ᠳᠤ 《 ᠪᠠᠷᠠᠭᠣᠨ ᠲᠠᠯ᠎ᠠ ᠨᠢ ᠦᠵᠡᠪᠡᠯ ᠪᠠᠬᠠᠷᠣᠮᠠᠷ ᠰᠠᠶᠢᠬᠠᠨ ᠲᠣᠭᠣᠯᠵᠢᠨ ᠠᠭᠣᠯᠠ ᠡ ᠁ 》 ᠬᠡᠵᠣ ᠲᠠᠭᠣᠯᠠᠳᠠᠭ᠃ 《 ᠪᠠᠷᠠᠭᠣᠨᠰᠢ ᠵᠣᠷᠴᠢᠭᠰᠠᠨ ᠲᠡᠮᠳᠡᠭᠯᠡᠯ 》᠂ 《 ᠪᠠᠷᠠᠭᠣᠨ ᠡᠲᠡᠭᠡᠳ ᠲᠦ ᠵᠣᠷᠴᠢᠭᠰᠠᠨ ᠲᠡᠮᠳᠡᠭᠯᠡᠯ 》᠂ 《 ᠪᠠᠷᠠᠭᠣᠨ ᠡᠴᠠ ᠮᠠᠨᠳᠣᠬᠣ ᠨᠠᠷᠠᠨ 》 ᠵᠡᠷᠭᠡ ᠵᠣᠬᠢᠶᠠᠯ ᠨᠣᠭᠣᠳ ᠨᠢ ᠪᠦᠷ ᠪᠠᠷᠠᠭᠣᠨ ᠲᠠᠢ ᠬᠣᠯᠪᠣᠭᠳᠠᠨ᠎ᠠ᠃ ᠲᠣᠮᠳᠠᠳᠣ ᠶ᠋ᠢᠨ ᠬᠣᠪᠢᠰᠬᠠᠯ ‍ᠤᠨ ᠦᠶ᠎ᠡ ᠳᠦ 《 ᠪᠠᠷᠠᠭᠣᠨᠳᠠᠨ ‍ᠢ ᠴᠣᠬᠢᠬᠣ ᠬᠦᠳᠡᠯᠬᠡᠬᠡᠨ 》᠂ ᠰᠣᠶᠣᠯ ‍ᠤᠨ ᠬᠣᠪᠢᠰᠬᠠᠯ ‍ᠤᠨ ᠦᠶ᠎ᠡ ᠳᠦ 《 ᠳ᠋ᠸᠡᠭ ‍ᠢ ᠪᠣᠷᠣᠭᠣᠰᠢᠶᠠᠵᠣ ᠪᠠᠷᠠᠭᠣᠨ ‍ᠤ ᠰᠠᠯᠬᠢ ᠶ᠋ᠢ ᠡᠰᠡᠷᠬᠦᠴᠡᠬᠦ 》 ᠵᠡᠷᠭᠡ ᠦᠬᠡᠰ ᠭᠠᠷᠴᠣ ᠢᠷᠡᠵᠡᠢ᠃ ᠲᠡᠭᠡᠷᠡᠬᠢ ᠨᠢ ᠰᠡᠳᠣᠪ ᠲᠠᠢ ᠬᠣᠯᠪᠣᠭ᠎ᠠ ᠦᠬᠡᠢ ᠴᠦ ᠵᠠᠷᠢᠮ ᠲᠠᠯ᠎ᠠ ᠪᠡᠷ ᠨᠢᠭᠳᠠᠯᠠᠭᠣᠰᠢᠲᠠᠢ᠃ ᠡᠬᠦᠨ ‍ᠢ ᠰᠡᠳᠬᠢᠨ ᠬᠣᠯᠪᠣᠵᠣ ᠪᠣᠳᠣᠬᠣ ᠲᠠᠢ ᠵᠡᠷᠭᠡ ᠮᠠᠨ ‍ᠤ ᠮᠣᠡᠭᠭᠣᠯᠴᠣᠳ ‍ᠤᠨ ᠪᠠᠷᠠᠭᠣᠨ ᠲᠡᠭᠡᠳᠣᠯᠡᠬᠦ ᠶᠣᠰᠣ ᠪᠣᠳᠣᠭᠳᠠᠮᠣᠢ᠃   

      ᠮᠣᠡᠭᠭᠣᠯᠴᠣᠳ ᠪᠠᠷᠠᠭᠣᠨ ᠵᠦᠭ ‍ᠢ ᠶᠡᠬᠡ ᠬᠡᠮᠡᠨ ᠲᠡᠭᠡᠳᠣᠯᠡᠬᠦ ᠨᠢ ᠪᠠᠯᠠᠷᠯᠢᠭ ᠦᠶ᠎ᠡ ᠶ᠋ᠢᠨ ᠪᠦᠬᠡ ᠮᠦᠷᠬᠦᠯ ‍ᠤᠨ ᠣᠯᠠᠮᠵᠢᠯᠠᠯᠳᠣ ᠵᠠᠡᠭᠰᠢᠯ ᠶᠣᠮ᠃ ᠪᠣᠷᠬᠠᠨ ‍ᠤ ᠱᠠᠰᠢᠨ ᠳᠤ 《 ᠪᠠᠷᠠᠭᠣᠨ ᠣᠷᠣᠨ 》 ᠬᠡᠵᠣ ᠰᠣᠷᠳᠠᠯᠴᠢᠯᠠᠵᠣ ᠪᠣᠢ᠃ ᠣᠳᠣᠬᠢ ᠲᠣᠭᠳᠠᠡᠭᠭᠣᠢ ᠬᠡᠷ ᠰᠠᠭᠣᠴᠡ ᠳᠤ ᠡᠨᠡᠬᠦ ᠵᠠᠡᠭᠰᠢᠯ ‍ᠤᠨ ᠣᠯᠠ ᠮᠦᠷ ᠲᠦᠬᠡᠮᠡᠯ ᠬᠠᠷᠠᠭᠳᠠᠳᠠᠭ᠃ ᠲᠣᠬᠠᠶᠢᠯᠠᠪᠠᠯ ᠪᠢᠳᠡ ᠶᠡᠷᠣ ᠶ᠋ᠢᠨ ᠦᠯᠣ ᠲᠠᠨᠢᠬᠣ ᠠᠶᠢᠯ ᠣᠷᠣᠬᠣ ᠪᠣᠯᠵᠣ᠂ ᠡᠨᠡ ᠠᠶᠢᠯ ᠨᠢ ᠮᠣᠡᠭᠭᠣᠯ ᠶᠣᠮ ᠤᠣ᠂ ᠬᠢᠳᠡᠳ ᠠᠶᠢᠯ ᠤᠣ ᠬᠡᠳᠡᠭ ‍ᠢ ᠵᠠᠬ᠎ᠠ ᠡᠴᠠ ᠨᠢ ᠬᠠᠷᠠᠡᠭᠭᠣᠳᠠ ᠭᠠᠳᠠᠷᠯᠠᠵᠣ ᠪᠣᠯᠳᠠᠭ᠃ ᠣᠴᠢᠷ ᠨᠢ ᠡᠬᠦᠨ ‍ᠢ ᠢᠯᠭᠠᠨ ᠲᠣᠳᠣᠯᠠᠬᠣ ᠳᠤ ᠬᠢᠯᠪᠡᠷ ᠶᠣᠮ᠃ ᠮᠣᠡᠭᠭᠣᠯ ᠬᠦᠮᠣᠨ ‍ᠤ ᠪᠠᠷᠢᠭᠰᠠᠨ ᠲᠦᠷᠪᠡᠨ ᠲᠠᠰᠣᠯᠭ᠎ᠠ ᠬᠡᠷ ‍ᠤᠨ ᠣᠯᠠᠡᠭᠬᠢ ᠨᠢ ᠪᠠᠷᠠᠭᠣᠨ ᠬᠣᠶᠠᠷ ᠲᠠᠰᠣᠯᠭ᠎ᠠ ᠪᠣᠯ ᠠᠭᠣᠵᠢᠮ ᠦᠷᠣᠭᠡ ᠶᠣᠮ᠃ ᠬᠡᠬᠦ ᠳᠤ ᠬᠢᠳᠡᠳ ᠬᠦᠮᠣᠨ ‍ᠤ ᠪᠠᠷᠢᠭᠰᠠᠨ ᠲᠦᠷᠪᠡᠨ ᠵᠠᠡᠭ ᠲᠠᠰᠣᠯᠭ᠎ᠠ ᠬᠡᠷ ᠪᠣᠯ ᠵᠡᠬᠦᠨ ᠬᠣᠶᠠᠷ ᠲᠠᠰᠣᠯᠭ᠎ᠠ ᠲᠣᠣᠱ ᠦᠷᠣᠭᠡ ᠶᠣᠮ᠃ ᠠᠠᠳᠠᠯᠢ ᠪᠣᠰᠣ ᠦᠷᠣᠭᠡ ᠲᠠᠢ ᠪᠠᠶᠢᠰᠢᠡᠭ ᠡᠨᠡ ᠠᠶᠢᠯ ᠳᠤ ᠪᠦᠷ ᠬᠠᠷᠠᠭᠳᠠᠵᠣ ᠪᠠᠶᠢᠪᠠᠯ ᠯᠠᠪᠳᠠᠢ ᠮᠣᠡᠭᠭᠣᠯ ᠬᠢᠳᠡᠳ ᠠᠷᠠᠳ ᠬᠣᠯᠢᠯᠳᠣᠨ ᠰᠠᠭᠣᠵᠣ ᠪᠠᠶᠢᠭ᠎ᠠ ᠲᠣᠰᠬᠣᠨ ᠶᠣᠮ᠃ ᠶᠠᠭᠠᠬᠢᠭᠠᠳ ᠡᠶᠢᠮᠣᠷᠬᠦ ᠬᠡᠷ ᠰᠠᠭᠣᠴᠡ ᠠᠳᠠᠯᠢ ᠪᠣᠰᠣ ᠪᠠᠷᠢᠳᠠᠭ ᠪᠣᠢ ᠭᠡᠪᠡᠯ ᠬᠢᠳᠡᠳ ᠬᠦᠮᠣᠨ ‍ᠤ ᠣᠯᠠᠮᠵᠢᠯᠠᠯᠳᠣ ᠶᠠᠷᠢᠶᠠᠨ ᠳᠤ ᠨᠠᠷᠠ ᠰᠠᠷᠠ ᠵᠡᠬᠦᠨ ᠡᠴᠠ ᠮᠠᠨᠳᠣᠵᠣ ᠪᠠᠶᠢᠬᠣ ᠪᠣᠯᠬᠣᠷ ᠵᠡᠬᠦᠨ ᠵᠦᠭ ᠪᠣᠯ ᠶᠡᠬᠡ ᠪᠡᠯᠭᠡ ᠲᠠᠢ᠂ ᠨᠠᠷᠠ ᠪᠠᠨ ᠲᠠᠭᠠᠬᠣ ᠨᠢ ᠵᠦᠢ ᠬᠡᠮᠡᠵᠣ᠂ ᠵᠡᠬᠦᠨ ᠬᠣᠶᠠᠷ ᠲᠠᠰᠣᠯᠭ᠎ᠠ ᠬᠡᠷ ‍ᠢ ᠣᠷᠳᠣᠯᠵᠠᠨ ᠪᠠᠷᠢᠳᠠᠭ᠃ ᠲᠡᠭᠡᠭᠡᠳ ᠪᠠᠷᠠᠭᠣᠨ ᠵᠣᠪᠬᠢᠰ ᠪᠣᠯ ᠨᠠᠷᠠᠳ ᠰᠢᠡᠭᠭᠡᠬᠦ ᠵᠦᠭ ᠬᠡᠵᠣ ᠴᠡᠭᠡᠷᠯᠡᠳᠡᠭ᠃ ᠬᠡᠬᠦ ᠳᠤ ᠮᠣᠡᠭᠭᠣᠯᠴᠣᠳ ᠪᠣᠯ ᠪᠠᠷᠠᠭᠣᠨ ᠵᠦᠭ ᠪᠣᠯ ᠶᠡᠬᠡ ᠬᠡᠮᠡᠨ ᠲᠡᠭᠡᠳᠣᠯᠡᠨ ᠨᠠᠮᠠᠭᠴᠢᠯᠠᠳᠠᠭ᠃ ᠶᠡᠭᠣᠨ ᠳᠤ ᠢᠡᠭᠬᠢᠵᠣ ᠲᠠᠭᠠᠳᠬᠠᠳᠠᠭ ᠪᠣᠢ ᠬᠡᠪᠡᠯ᠂ ᠶᠡᠬᠡ ᠲᠡᠭᠷᠢ ᠪᠣᠯ ᠪᠠᠷᠠᠭᠣᠨ ᠡᠮᠣᠨ᠎ᠡ ᠪᠣᠢ᠃ ᠵᠠᠬᠢᠷᠭᠠᠨ ᠲᠡᠭᠷᠢ ᠪᠣᠯ ᠪᠠᠷᠠᠭᠣᠨ ᠬᠣᠶᠢᠨ᠎ᠠ ᠪᠣᠢ ᠬᠡᠮᠡᠨ ᠪᠢᠳᠡᠬᠦᠨ ‍ᠤ ᠰᠦᠨᠢ ᠲᠡᠭᠷᠢ ᠳᠤ ᠮᠦᠷᠬᠦᠳᠡᠭ᠃ ᠡᠬᠦᠨ ‍ᠤ ᠲᠠᠷᠠᠭ᠎ᠠ ᠰᠠᠶ᠋ᠢ ᠨᠠᠷᠠᠨ ᠳᠤ ᠮᠦᠷᠬᠦᠵᠣ ᠪᠠᠶᠢᠭᠰᠠᠨ ᠣᠯᠠᠮᠵᠢᠯᠠᠯ ᠪᠣᠢ᠃ ᠣᠴᠢᠷ ᠨᠢ ᠨᠠᠷᠠ ᠪᠣᠯ ᠬᠦᠪᠡᠬᠦᠨ ᠰᠠᠬᠢᠭᠣᠯᠰᠣᠨ᠂ ᠰᠠᠷᠠ ᠪᠣᠯ ᠲᠠᠬᠢᠨᠢᠰ ᠠᠪᠠᠬᠠᠢ ᠪᠠᠶᠢᠵᠣ᠂ ᠬᠦᠬᠡ ᠲᠡᠭᠷᠢ ᠶ᠋ᠢᠨ ᠲᠣᠮᠳᠠᠭᠣᠷ ᠡᠶᠡᠯᠳᠣᠨ 《 ᠠᠯᠪᠠᠨ ᠵᠠᠷᠣᠴᠡ 》 ᠶᠣᠮ᠃ ᠡᠷᠭᠡᠪᠡᠰᠢ ᠵᠠᠬᠢᠷᠭᠠᠨ ᠲᠡᠭᠷᠢ ᠶ᠋ᠢᠨ ᠵᠠᠷᠯᠢᠭ ᠶᠣᠰᠣᠭᠠᠷ ᠠᠵᠢᠯ ᠢᠶᠡᠨ ᠣᠰᠣᠯᠳᠣᠯ ᠦᠬᠡᠢ ᠬᠦᠢᠴᠡᠳᠭᠡᠵᠣ ᠲᠣᠮᠳᠠ ᠶᠢᠷᠳᠢᠨᠴᠣ ᠶ᠋ᠢᠨ ᠲᠦᠮᠡᠨ ᠠᠮᠢᠳᠠᠨ ᠣᠷᠭᠣᠮᠠᠯ ᠪᠦᠬᠦᠨ ᠳᠤ ᠬᠡᠷᠡᠯ ᠢᠯᠴᠢ ᠬᠠᠡᠭᠭᠠᠬᠣ ᠡᠬᠦᠷᠭᠡ ᠲᠠᠢ ᠶᠣᠮ᠃ ᠡᠶᠢᠨᠬᠦ ᠨᠠᠷᠠᠨ ᠪᠣᠯ ᠵᠡᠬᠦᠨ ᠡᠴᠠ ᠮᠠᠨᠳᠣᠵᠣ ᠠᠭᠠᠵᠢᠮ ᠢᠶᠠᠷ ᠲᠡᠭᠡᠭᠰᠢ ᠬᠦᠬᠡᠷᠡᠵᠣ᠂ ᠬᠦᠬᠡ ᠲᠡᠭᠷᠢ ᠶ᠋ᠢᠨ ᠲᠣᠮᠳᠠ ᠬᠦᠷᠴᠣ᠂ ᠲᠠᠬᠢᠨ ᠢᠳᠡᠭ ᠢᠳᠡᠭ ᠢᠶᠠᠷ ᠲᠣᠷᠣᠭᠰᠢᠯᠠᠨ ᠲᠡᠭᠷᠢ ᠶ᠋ᠢᠨ ᠬᠠᠶᠠᠭᠠᠨ ᠳᠤ ᠵᠢᠷᠭᠠᠳᠠᠭ᠃ ᠲᠠᠷᠠᠭ᠎ᠠ ᠦᠷᠯᠣᠬᠡ ᠨᠢ ᠮᠦᠨ ᠯᠡ ᠲᠣᠭᠳᠠᠮᠠᠯ ᠮᠦᠴᠡ ᠳᠤ ᠡᠨᠡᠬᠦ ᠲᠦᠷᠢᠮ ᠭᠣᠷᠢᠮ ‍ᠢ ᠠᠯᠳᠠᠯ ᠦᠬᠡᠢ ᠲᠠᠪᠳᠠᠵᠣ᠂ ᠲᠡᠭᠷᠢ ᠶ᠋ᠢᠨ ᠵᠡᠬᠦᠨ ᠬᠠᠶᠠᠭᠠᠨ᠎ᠠ ᠲᠠᠬᠢᠨ ᠮᠠᠨᠳᠣᠳᠠᠭ᠃ ᠡᠨᠡ ᠪᠣᠯ ᠣᠷᠴᠢᠯᠠᠡᠭ ‍ᠤᠨ ᠵᠢᠮ᠎ᠡ ᠶᠣᠰᠣ ᠴᠦ ᠨᠠᠷᠢᠪᠴᠢᠯᠠᠪᠠᠯ᠂ ᠲᠣᠳᠣᠷ᠎ᠠ ᠨᠢ ᠠᠷᠪᠢᠨ ᠣᠴᠢᠷ ᠲᠠᠢ ᠪᠠᠶᠢᠳᠠᠭ᠃ ᠪᠦᠬᠡ ᠮᠦᠷᠬᠦᠯ ‍ᠤᠨ ᠱᠠᠰᠢᠨ ᠳᠦ᠂ ᠮᠦᠡᠭᠭᠡ ᠲᠡᠭᠷᠢ ᠪᠣᠯ 99 ᠲᠡᠭᠷᠢ ᠪᠠᠶᠢᠵᠣ᠂ ᠰᠠᠶᠢᠨ ᠵᠦᠭ ‍ᠤᠨ ᠪᠠᠷᠠᠭᠣᠨ 55 ᠲᠡᠭᠷᠢ᠂ ᠮᠠᠭᠣ ᠵᠦᠭ ‍ᠤᠨ ᠵᠡᠬᠦᠨ44 ᠲᠡᠭᠷᠢ ᠬᠡᠵᠣ ᠬᠣᠪᠢᠶᠠᠨ ᠶᠠᠷᠢᠳᠠᠭ᠃ ᠲᠡᠬᠦᠪᠡᠷ ᠣᠷᠴᠢᠯᠠᠡᠭ ᠶᠢᠷᠳᠢᠨᠴᠣ ᠶ᠋ᠢ ᠭᠣᠷᠪᠠᠨ ᠲᠡᠰ ᠬᠣᠪᠢᠶᠠᠵᠣ᠂ 99 ᠲᠡᠭᠷᠢ ᠪᠣᠯ ᠡᠵᠡᠳ ᠰᠠᠬᠢᠭᠣᠯᠰᠣᠨ ‍ᠤ ᠣᠷᠣᠰᠢᠨ ᠰᠠᠭᠣᠬᠣ ᠭᠠᠵᠠᠷ ᠪᠣᠯᠣᠨ᠎ᠠ᠃ ᠲᠣᠮᠳᠠ ᠶᠢᠷᠳᠢᠨᠴᠣ ᠪᠣᠯ ᠬᠦᠮᠣᠨ ᠲᠦᠷᠣᠯᠬᠢᠳᠡᠨ ᠬᠢᠬᠡᠳ ᠠᠳᠣᠭᠣᠰᠣ ᠵᠢᠬᠦᠷᠳᠡᠨ ᠬᠣᠷᠣᠬᠠᠢ ᠰᠢᠪᠠᠵᠢ ᠶ᠋ᠢᠨ ᠣᠷᠣᠰᠢᠬᠣ ᠣᠷᠣᠨ ᠶᠣᠮ᠃ ᠲᠣᠣᠷᠠᠳᠣ ᠶᠢᠷᠳᠢᠨᠴᠣ ᠪᠣᠯ ᠬᠠᠷᠠᠡᠭᠭᠣᠢ ᠶᠢᠷᠳᠢᠨᠴᠣ᠂ ᠪᠣᠭ ᠴᠢᠳᠬᠦᠷ᠂ ᠵᠢᠰᠣᠷ ᠵᠠᠯᠢᠬᠠᠴᠣᠳ ‍ᠤᠨ ᠣᠷᠣᠰᠢᠬᠣ ᠣᠷᠣᠨ᠎ᠠ ᠪᠣᠯᠣᠨ᠎ᠠ᠃ ᠪᠠᠰᠠ ᠠᠷᠭ᠎ᠠ ᠪᠢᠯᠢᠭ ᠢᠶᠠᠷ ᠬᠣᠶᠠᠷ ᠶᠢᠷᠳᠢᠨᠴᠣ ᠬᠣᠪᠢᠶᠠᠵᠣ ᠦᠬᠦᠯᠡᠳᠡᠭ᠃ ᠠᠷᠭ᠎ᠠ ᠪᠣᠯ ᠠᠮᠢᠳᠣ ᠶ᠋ᠢᠨ ᠣᠷᠣᠨ ᠪᠣᠯᠣᠨ᠎ᠠ᠃ ᠪᠢᠯᠢᠭ ᠪᠣᠯ ᠡᠷᠯᠢᠭ ‍ᠤᠨ ᠭᠠᠵᠠᠷ ᠴᠢᠳᠬᠦᠷ ‍ᠤᠨ ᠣᠷᠣᠨ ᠪᠣᠯᠣᠨ᠎ᠠ᠃ ᠮᠣᠡᠭᠭᠣᠯᠴᠣᠳ ‍ᠤᠨ ᠣᠯᠠᠮᠵᠢᠯᠠᠯᠳᠣ ᠵᠠᠡᠭᠰᠢᠯ ᠳᠦ ᠲᠡᠭᠡᠳᠣ ᠰᠢᠳᠣᠭᠡᠨ 99 ᠲᠡᠭᠷᠢ ᠳᠦ ᠢᠳᠡᠭᠡᠯ ᠲᠠᠢ ᠪᠠᠶᠢᠵᠣ᠂ ᠠᠪᠣᠷᠠᠯ ᠰᠣᠶᠣᠷᠬᠠᠯ ᠲᠠᠭᠠᠳᠬᠠᠵᠣ ᠪᠠᠶᠢᠳᠠᠭ᠃ ᠲᠡᠶᠢᠮᠦ ᠣᠯᠠᠨ ᠲᠡᠭᠷᠢ ᠳᠦ ᠵᠠᠬᠢᠷᠣᠭᠴᠢ ᠦᠬᠡᠢ ᠪᠠᠶᠢᠵᠣ ᠪᠣᠯᠬᠣ ᠦᠬᠡᠢ ᠪᠣᠯᠣᠮᠣᠢ ᠤᠣ᠂ ᠵᠠᠬᠢᠷᠭᠠᠨ ᠲᠡᠭᠷᠢ ᠪᠣᠯ ᠪᠠᠷᠠᠭᠣᠨ ᠬᠣᠶᠢᠨ᠎ᠠ ᠪᠣᠢ ᠬᠡᠳᠡᠭ᠃ ᠰᠡᠬᠦᠯᠡᠷ ᠨᠢ ᠡᠨᠡᠬᠦ ᠲᠡᠭᠷᠢ ᠶ᠋ᠢ ᠬᠠᠨ ᠬᠣᠷᠮᠣᠰᠳᠠ ᠲᠡᠭᠷᠢ ᠭᠡᠬᠦ ᠪᠣᠶᠣ ᠪᠣᠷᠬᠠᠨ ᠲᠡᠭᠷᠢ ᠪᠣᠯᠵᠣ ᠣᠯᠠᠷᠢᠵᠡᠢ᠃ ᠲᠦᠮᠡᠨ ᠣᠨ ‍ᠤ ᠪᠦᠬᠡ ᠶ᠋ᠢᠨ ᠰᠢᠳᠣᠯᠭ᠎ᠠ ᠲᠡᠭᠷᠢ ᠶ᠋ᠢᠨ ᠲᠣᠬᠠᠢ ᠰᠣᠷᠳᠠᠯᠴᠢᠯᠠᠯ ‍ᠢ ᠰᠢᠨ᠎ᠡ ᠴᠢᠯᠠᠭᠣᠨ ᠪᠠᠭᠠᠵᠢ ᠶ᠋ᠢᠨ ᠦᠶ᠎ᠡ ᠳᠦ ᠰᠢᠡᠭ ᠯᠦᠡᠭ ᠸᠠ ᠪᠠᠭᠣᠷᠢ ᠶ᠋ᠢᠨ ᠬᠦᠮᠣᠰ ᠵᠢᠷᠣᠮᠯᠡᠵᠣ᠂ ᠲᠣᠭᠳᠠᠡᠭᠭᠣᠢ ᠰᠠᠭᠣᠴᠡ ᠪᠠᠶᠢᠭᠣᠯᠬᠣ ᠳ᠋ᠠᠭᠠᠨ ᠠᠭᠣᠯᠠᠨ ‍ᠤ ᠲᠡᠯᠬᠦᠣ ᠬᠢᠷ᠎ᠠ ᠪᠠᠷᠠᠭᠣᠨᠰᠢ ᠬᠠᠨᠳᠣᠭᠰᠠᠨ ᠨᠠᠯᠠᠭᠣ ᠭᠠᠵᠠᠷ ‍ᠢ ᠰᠣᠡᠭᠭᠣᠵᠣ᠂ ᠶᠡᠬᠡ ᠲᠡᠭᠷᠢ ᠬᠢᠬᠡᠳ ᠵᠠᠬᠢᠷᠭᠠᠨ ᠲᠡᠭᠷᠢ ᠵᠢᠴᠢ ᠰᠠᠶᠢᠨ ᠵᠦᠭ ‍ᠤᠨ ᠪᠠᠷᠠᠭᠣᠨ 55 ᠲᠡᠭᠷᠢ ᠶ᠋ᠢ ᠬᠦᠨᠳᠣᠳᠭᠡᠨ ᠰᠢᠳᠣᠵᠣ ᠪᠠᠶᠢᠭ᠎ᠠ ᠪᠣᠳᠣᠯ ᠰᠡᠳᠬᠢᠯᠬᠡ ᠪᠠᠨ ᠰᠠᠭᠣᠴᠡ ᠪᠡᠷ ᠢᠯᠡᠳᠭᠡᠵᠣ ᠪᠠᠶᠢᠬᠣ ᠣᠴᠢᠷᠳᠠᠢ᠃ ᠲᠠᠪᠣᠨ ᠦᠡᠭᠭᠡ ᠪᠡᠷ ᠰᠢᠨᠵᠢᠯᠡᠪᠡᠯ᠂ ᠪᠠᠷᠠᠭᠣᠨ ᠵᠦᠭ ᠪᠣᠯ ᠴᠠᠭᠠᠨ ᠦᠡᠭᠭᠡ ᠶ᠋ᠢ ᠢᠯᠡᠳᠭᠡᠳᠡᠭ᠃ ᠡᠶᠢᠮᠣ ᠪᠣᠯᠬᠣᠷ ᠮᠣᠡᠭᠭᠣᠯᠴᠣᠳ ᠴᠠᠭᠠᠨ ᠦᠡᠭᠭᠡ ᠶ᠋ᠢ ᠲᠡᠭᠡᠳᠣᠯᠡᠨ᠂ ᠡᠷᠬᠢᠮ ᠨᠠᠨᠳᠢᠨ ᠠᠷᠢᠭᠣᠨ ᠴᠡᠪᠡᠷ ‍ᠤᠨ ᠪᠡᠯᠭᠡᠳᠡᠯ ᠪᠣᠯᠭᠠᠳᠠᠭ᠃ ᠲᠣᠬᠠᠶᠢᠯᠠᠪᠠᠯ ᠴᠠᠭᠠᠨ ᠪᠣᠳᠠᠭ᠎ᠠ᠂ ᠠᠷᠢᠭᠣᠨ ᠴᠠᠭᠠᠨ ᠣᠶᠢᠯᠡᠰ᠂ ᠠᠷᠪᠠᠨ ᠴᠠᠭᠠᠨ ᠪᠣᠶᠠᠨ᠂ ᠭᠬᠢᠷ ᠦᠬᠡᠢ ᠴᠠᠭᠠᠨ ᠰᠡᠳᠬᠢᠯ᠂ ᠦᠨᠡᠨ ᠴᠠᠭᠠᠨ ᠬᠡᠷᠡᠭ᠂ ᠰᠦᠨ ᠴᠠᠭᠠᠨ ᠰᠡᠳᠬᠢᠯ᠂ ᠴᠠᠭᠠᠨ ᠲᠣᠯᠣᠭᠠᠢ᠂ ᠴᠠᠭᠠᠨ ᠰᠠᠷ᠎ᠠ ᠵᠡᠷᠭᠡ ᠴᠠᠭᠠᠨ ᠢᠶᠠᠷ ᠲᠣᠳᠣᠳᠬᠠᠭᠰᠠᠨ ᠦᠬᠡ ᠣᠯᠠᠨ ᠪᠣᠢ᠃ ᠮᠣᠡᠭᠭᠣᠯᠴᠣᠳ ᠵᠣᠴᠢᠳ ᠢᠶᠡᠨ ᠪᠠᠷᠠᠭᠣᠨ ᠲᠠᠯ᠎ᠠ ᠶ᠋ᠢᠨ ᠰᠠᠭᠣᠳᠠᠯ ᠳᠦ ᠰᠠᠭᠣᠯᠭᠠᠵᠣ ᠬᠠᠳᠠᠭ ᠡᠷᠬᠦᠳᠡᠭ᠃ ᠲᠡᠭᠷᠢ ᠪᠣᠷᠬᠠᠨ ᠳᠦ ᠲᠠᠭᠠᠳᠬᠠᠬᠣ ᠦᠶᠡᠰ ᠲᠦ ᠮᠦᠷᠬᠦᠯ ‍ᠤᠨ ᠣᠪᠣᠭ᠎ᠠ ᠪᠠᠨ ᠯᠠᠪᠷᠢ ᠪᠡᠷ ᠴᠢᠮᠡᠭᠡᠯᠡᠳᠡᠭ᠃ ᠬᠣᠷᠢᠮ ᠬᠣᠷᠠᠯ ᠳᠦ ᠠᠬᠠᠮᠠᠳ ᠨᠠᠰᠣᠳᠠᠳ ᠢᠶᠡᠨ ᠬᠦᠨᠳᠣᠯᠡᠵᠣ᠂ ᠲᠡᠭᠡᠳᠣ ᠰᠠᠭᠣᠳᠠᠯ ᠬᠡᠮᠡᠨ ᠬᠠᠨᠵᠣᠨ ‍ᠤ ᠪᠠᠷᠠᠭᠣᠨ ᠲᠠᠯ᠎ᠠ ᠳᠦ ᠵᠠᠯᠠᠵᠣ ᠰᠠᠭᠣᠯᠭᠠᠳᠠᠭ᠃ ᠦᠨᠡᠬᠡᠷ ᠪᠠᠯᠠᠷ ᠡᠷᠳᠡᠨ ‍ᠤ ᠪᠤᠭᠤᠷᠤᠯ ᠱᠠᠰᠢᠨ ᠢᠶᠡᠨ ᠣᠳᠣ ᠪᠣᠯᠳᠠᠯ᠎ᠠ ᠰᠢᠲᠦᠭᠰᠡᠭᠡᠷ ᠪᠠᠶᠢᠨ᠎ᠠ᠃ ᠪᠠᠰᠠ ᠪᠣᠷᠬᠠᠨ ᠢᠶᠡᠨ ᠲᠠᠬᠢᠬᠣ ᠳ᠋ᠠᠭᠠᠨ ᠪᠠᠷᠠᠭᠣᠨ ᠲᠠᠯ᠎ᠠ ᠳᠤ ᠲᠠᠬᠢᠳᠠᠭ᠂ ᠰᠦᠮ᠎ᠡ ᠰᠣᠪᠣᠷᠭ᠎ᠠ ᠶ᠋ᠢ ᠡᠷᠬᠢᠬᠦ ᠳ᠋ᠡᠭᠡᠨ ᠪᠠᠷᠠᠭᠣᠨ ᠮᠦᠷ ᠢᠶᠡᠨ ᠲᠠᠭᠠᠵᠣ ᠡᠷᠬᠢᠳᠡᠭ᠂ ᠪᠤᠰᠤᠳ ᠲᠤ ᠶᠠᠭᠣᠮ᠎ᠠ ᠦᠭᠬᠦ ᠳ᠋ᠡᠭᠡᠨ ᠪᠠᠷᠠᠭᠣᠨ ᠭᠠᠷ ᠢᠶᠠᠷ ᠢᠶᠡᠨ ᠦᠭᠳᠡᠭ᠂ ᠪᠣᠰᠣᠳ ‍ᠤᠨ ᠶᠠᠭᠣᠮ᠎ᠠ ᠲᠣᠰᠴᠣ ᠠᠪᠬᠣ ᠳ᠋ᠠᠭᠠᠨ ᠮᠦᠨ ᠪᠠᠷᠠᠭᠣᠨ ᠭᠠᠷ ᠢᠶᠠᠷ ᠢᠶᠡᠨ ᠲᠣᠰᠴᠣ ᠠᠪᠳᠠᠭ᠃ ᠡᠬᠦᠨ ᠡᠴᠠ ᠭᠠᠳᠠᠨ᠎ᠠ ᠪᠠᠷᠠᠭᠣᠨ ᠴᠢᠬᠢ ᠬᠠᠡᠭᠬᠢᠨᠠᠪᠠᠯ ᠬᠦᠮᠣᠨ ᠲᠣᠷᠠᠰᠴᠣ ᠪᠠᠶᠢᠨ᠎ᠠ ᠬᠡᠨ᠎ᠡ᠂ ᠪᠠᠷᠠᠭᠣᠨ ᠨᠢᠳᠣ ᠲᠠᠳᠠᠪᠠᠯ ᠪᠠᠶᠠᠷ ᠪᠣᠯᠣᠨ᠎ᠠ ᠬᠡᠨ᠎ᠡ᠂ ᠮᠣᠷᠢ ᠣᠨᠣᠭ᠎ᠠ ᠪᠡᠷ ᠪᠣᠰᠣᠳ ‍ᠤᠨ ᠭᠡᠷ ᠲᠦ ᠣᠷᠣᠬᠣ ᠳ᠋ᠠᠭᠠᠨ ᠬᠡᠷ ‍ᠤᠨ ᠪᠠᠷᠠᠭᠣᠨ ᠲᠠᠯ᠎ᠠ ᠶ᠋ᠢ ᠨᠢ ᠲᠣᠭᠣᠷᠢᠵᠣ ᠣᠷᠣᠳᠠᠭ ᠵᠡᠷᠭᠡ ᠵᠡᠷᠭᠡ ᠵᠠᠡᠭᠰᠢᠯ ᠪᠣᠢ᠃ ᠡᠬᠦᠨ ᠡᠴᠠ ᠪᠣᠰᠣᠳ ᠣᠷᠣᠰᠢᠭᠣᠯᠭ᠎ᠠ ᠶ᠋ᠢᠨ ᠣᠶᠢᠯᠡᠪᠣᠷᠢ ᠳᠦ ᠬᠡᠬᠦᠷ ᠲᠠᠯᠪᠢᠬᠣ ᠭᠠᠵᠠᠷ ᠣᠷᠣᠡᠭᠨᠨᠠᠣ ᠶ᠋ᠢᠨ ᠡᠪᠡᠷ + ᠬᠡᠯᠪᠡᠷᠢ ᠲᠠᠢ᠂ ᠪᠦᠬᠡ ᠰᠢᠳᠣᠯᠭᠡ ᠲᠡᠮᠳᠡᠭ ᠵᠢᠷᠣᠭᠠᠳ ᠰᠢᠷᠣᠢ ᠣᠯᠠᠯᠬᠣ᠂ ᠡᠨᠡᠬᠦ ᠭᠠᠵᠠᠷ ‍ᠢ ᠪᠢᠳᠡ ᠬᠡᠷᠡᠭᠯᠡᠪᠡ ᠬᠡᠵᠣ ᠭᠠᠵᠠᠷ ᠣᠰᠣᠨ ‍ᠤ ᠰᠠᠬᠢᠭᠣᠰᠣ ᠨᠠᠪᠳᠠᠭ ᠰᠠᠪᠳᠠᠭ ᠲᠤ ᠮᠡᠳᠡᠭᠳᠡᠭᠡᠳ ᠬᠡᠬᠦᠷ ᠪᠡᠶ᠎ᠡ ᠶ᠋ᠢᠨ ᠲᠣᠯᠣᠭᠠᠢ ᠶ᠋ᠢᠨ ᠦᠵᠣᠬᠦᠷ ᠵᠣᠯᠠ ᠰᠢᠳᠠᠭᠠᠵᠣ ᠪᠣᠯᠠᠰᠢᠯᠠᠳᠠᠭ᠃ ᠡᠷᠳᠡᠨ ‍ᠤ ᠣᠷᠣᠰᠢᠭᠣᠯᠭ᠎ᠠ ᠶ᠋ᠢᠨ ᠶᠣᠰᠣᠨ ᠳᠤ ᠡᠨᠡᠬᠦ ᠵᠣᠯᠠ ᠶ᠋ᠢᠨ ᠰᠠᠪᠠ ᠪᠣᠯ ᠵᠢᠵᠢᠭ ᠸᠠᠭᠠᠷ ᠰᠠᠪᠠ ᠶᠣᠮ᠂ ᠡᠳᠣᠭᠡ ᠴᠠᠭ ᠱᠠᠭᠠᠵᠢᠡᠭ ᠴᠣᠮᠣ ᠪᠡᠷ ᠣᠷᠣᠯᠠᠭᠳᠠᠵᠡᠢ᠃ ᠵᠣᠯᠠ ᠶ᠋ᠢᠨ ᠭᠣᠣᠯ ‍ᠢ ᠦᠯᠣᠨ ᠴᠠᠭᠠᠨ ᠰᠢᠷᠭᠡᠭ ᠡᠪᠡᠰᠣ ᠶ᠋ᠢ ᠬᠦᠪᠣᠡᠭ ᠢᠶᠠᠷ ᠣᠷᠢᠶᠠᠵᠣ ᠰᠢᠷ᠎ᠠ ᠲᠣᠰᠣ ᠪᠡᠷ ᠭᠡᠷᠡᠯᠲᠦᠭᠦᠯᠦᠭᠴᠢ ᠪᠣᠯᠭᠠᠨ᠎ᠠ᠃ ᠲᠡᠬᠡᠬᠦᠷ ᠠᠷᠣ ᠭᠠᠵᠠᠷ ‍ᠤᠨ ᠡᠷᠳᠡᠨ ‍ᠤ ᠠᠷᠬᠢᠯᠣᠬᠢ ᠶ᠋ᠢᠨ ᠮᠠᠯᠳᠠᠯᠠᠭ᠎ᠠ ᠳᠦ ᠣᠯᠠᠡᠭᠬᠢ ᠬᠡᠬᠦᠷ ᠪᠣᠯᠭᠠᠨ ‍ᠤ ᠲᠣᠯᠣᠭᠠᠢ ᠶ᠋ᠢᠨ ᠦᠵᠣᠬᠦᠷ ᠨᠢᠬᠡᠨ ᠸᠠᠭᠠᠷ ᠰᠠᠪᠠ ᠲᠠᠯᠪᠢᠵᠣ ᠪᠠᠶᠢᠬᠣ ᠪᠣᠯ ᠡᠶᠢᠮᠣ ᠣᠴᠢᠷ ᠪᠣᠯᠠᠢ᠃ ᠡᠬᠦᠨ ‍ᠤ ᠣᠳᠬ᠎ᠠ ᠨᠢ ᠨᠦᠬᠦᠬᠡ ᠶᠢᠷᠳᠢᠨᠴᠣ ᠪᠣᠯᠪᠠᠰᠣ ᠬᠠᠡᠭᠭᠣᠢ ᠪᠣᠯᠬᠣᠷ ᠲᠠᠯᠢᠭᠴᠢ ᠶ᠋ᠢᠨ ᠰᠦᠭ ᠰᠦᠨᠡᠰᠣ ᠲᠦᠷᠣᠯ ᠣᠯᠬᠣ ᠵᠠᠮ ᠳ᠋ᠠᠭᠠᠨ ᠲᠦᠬᠡᠷᠢᠵᠣ ᠲᠡᠨᠣᠬᠦ ᠡᠴᠠ ᠰᠡᠷᠡᠮᠵᠢᠯᠡᠵᠣ᠂ ᠵᠠᠮ ‍ᠤᠨ ᠭᠡᠷᠡᠯᠲᠦᠭᠦᠯᠦᠭᠴᠢ ᠪᠣᠯᠭᠠᠵᠣ ᠪᠠᠶᠢᠭ᠎ᠠ ᠣᠬᠠᠭᠠᠨ ᠶᠣᠮ᠃  《 ᠡᠷᠳᠡᠨ ‍ᠤ ᠪᠠᠷᠠᠭᠣᠨ ᠯᠢᠶᠣᠤᠾᠸ ᠭᠣᠣᠯ ‍ᠤᠨ ᠰᠠᠪᠠ ᠭᠠᠵᠠᠷ ‍ᠤᠨ ᠨᠡᠬᠦᠳᠡᠯᠴᠢᠨ ᠦᠨᠳᠣᠰᠣᠳᠡᠨ ‍ᠤ ᠰᠣᠶᠣᠯ 》 ᠬᠡᠬᠦ ᠨᠣᠮ ᠳᠦ ᠰᠢᠶᠠᠵᠢᠶᠠ ᠳ᠋ᠢᠶᠠᠨ ‍ᠤ ᠭᠠᠵᠠᠷ ‍ᠤᠨ ᠲᠡᠭᠡᠳᠣ ᠲᠠᠪᠬᠣᠷᠭ᠎ᠠ ᠶ᠋ᠢᠨ ᠬᠠᠭᠣᠴᠢᠳ ‍ᠤᠨ ᠲᠣᠬᠠᠢ ᠲᠠᠶᠢᠯᠪᠣᠷᠢ ᠳᠦ ᠄ 《 ᠨᠢᠬᠡᠨ ᠡᠷᠡᠭᠲᠠᠢ ᠡᠮᠡᠭᠲᠠᠢ ᠣᠡᠭᠭᠣᠨ ᠪᠣᠢ᠂ ᠡᠷᠡᠭᠲᠠᠢ ᠨᠢ ᠪᠠᠷᠠᠭᠣᠨ ᠲᠠᠯ᠎ᠠ ᠡᠮᠡᠭᠲᠠᠢ ᠨᠢ ᠵᠡᠬᠦᠨ ᠲᠠᠯ᠎ᠠ ᠳᠦ ᠪᠠᠶᠢᠵᠣ᠂ ᠲᠡᠭᠡᠭᠰᠢ ᠬᠠᠨᠳᠣᠭᠣᠯᠵᠣ ᠨᠣᠶᠢᠷᠰᠣᠭᠣᠯᠣᠭᠰᠠᠨ ᠪᠣᠰᠣ᠃ ᠬᠠᠷᠢᠨ ᠵᠦᠷᠢᠬᠦᠣ ᠪᠣᠷᠣᠭᠣ ᠬᠡᠷᠡᠯᠳᠣᠭᠰᠡᠨ ᠬᠡᠮᠡᠷ ᠬᠡᠪᠳᠡᠬᠦᠯᠵᠣ ᠲᠠᠯᠪᠢᠵᠡᠢ᠃ ᠡᠬᠦᠨ ‍ᠤ ᠲᠣᠬᠠᠢ ᠰᠢᠨᠵᠢᠯᠡᠭᠡ ᠳᠦ ᠨᠢᠬᠡᠨ ᠠᠶᠢᠮᠠᠭ ᠪᠥᠯᠥᠭᠲᠡᠨ ‍ᠤ ᠲᠣᠡᠭᠭᠣᠷᠣ ᠣᠷᠣᠰᠢᠭᠣᠯᠭ᠎ᠠ ᠶ᠋ᠢᠨ ᠵᠠᠡᠭᠰᠢᠯ ᠭᠡᠵᠣ ᠦᠬᠦᠯᠡᠵᠣ ᠪᠣᠢ᠃ ᠡᠬᠦᠨ ᠳᠦ ᠵᠦᠷᠢᠬᠦᠣ ᠪᠣᠷᠣᠭᠣ ᠬᠠᠨᠳᠣᠭᠣᠯᠵᠣ ᠲᠠᠯᠪᠢᠭᠰᠠᠨ ᠨᠢ ᠰᠣᠨᠢᠷᠬᠠᠯᠳᠠᠢ ᠪᠣᠯᠪᠠᠴᠣ ᠪᠠᠷᠠᠭᠣᠨ ᠲᠠᠯ᠎ᠠ ᠳᠦ ᠨᠢ ᠡᠷᠡᠭᠲᠠᠢ᠂ ᠵᠡᠬᠦᠨ ᠲᠠᠯ᠎ᠠ ᠳᠦ ᠨᠢ ᠡᠮᠡᠭᠲᠠᠢ ᠶ᠋ᠢ ᠨᠢ ᠣᠷᠣᠰᠢᠭᠣᠯᠬᠣ ᠨᠢ ᠣᠮᠠᠷᠠᠳᠣ ᠶ᠋ᠢᠨ ᠦᠨᠳᠣᠰᠣᠳᠡᠨ ‍ᠤ ᠣᠷᠣᠰᠢᠭᠣᠯᠭ᠎ᠠ ᠶ᠋ᠢᠨ ᠵᠣᠷᠰᠢᠯ ᠳᠦ ᠨᠡᠶᠢᠴᠡᠨ᠎ᠡ᠃ ᠡᠨᠡᠬᠦ ᠣᠷᠣᠰᠢᠭᠣᠯᠭ᠎ᠠ ᠶ᠋ᠢᠨ ᠲᠠᠳᠬᠠᠯ ᠨᠢ ᠡᠴᠢᠬᠡᠴᠢᠯᠠᠯ ‍ᠤᠨ ᠣᠪᠣᠭ ᠲᠦᠷᠣᠯ ‍ᠤᠨ ᠬᠦᠢ ᠨᠢᠬᠡᠳᠣᠯ ‍ᠤᠨ ᠦᠶ᠎ᠡ ᠡᠴᠠ ᠡᠬᠢᠯᠡᠭᠰᠡᠨ ᠨᠢ ᠭᠠᠷᠴᠠᠭ᠎ᠠ ᠦᠬᠡᠢ᠃

       ᠡᠴᠢᠬᠡᠴᠢᠯᠠᠯ ‍ᠤᠨ ᠣᠪᠣᠭ ᠲᠦᠷᠣᠯ ‍ᠤᠨ ᠦᠶ᠎ᠡ ᠳᠦ ᠡᠷᠡᠭᠲᠠᠢ ᠬᠦᠮᠣᠨ ᠡᠷᠭᠡ ᠠᠳᠬᠣᠵᠣ ᠶᠡᠬᠡᠯ᠎ᠡ ᠲᠡᠭᠡᠷᠡᠭᠬᠦᠢ ᠪᠠᠶᠢᠵᠣ᠂ ᠲᠣᠳᠣᠷ᠎ᠠ ᠬᠡᠷ ‍ᠤᠨ ᠪᠠᠷᠠᠭᠣᠨ ᠲᠠᠯ᠎ᠠ ᠳᠦ ᠣᠯᠪᠣᠭ ᠲᠠᠪᠢᠰᠣᠨ ᠰᠠᠭᠣᠵᠣ᠂ ᠡᠮᠡᠰ ᠦᠷ᠎ᠡ ᠨᠢ ᠵᠠᠷᠣᠳᠠᠰᠣ ᠪᠡᠷ ᠠᠰᠠᠷᠠᠭᠣᠯᠵᠣ ᠢᠳᠡᠵᠣ ᠣᠣᠭᠣᠳᠠᠭ ᠪᠢᠯᠡ᠃ ᠬᠢᠳᠡᠳ ᠬᠦᠮᠣᠨ ‍ᠤ ᠣᠷᠣᠰᠢᠭᠣᠯᠭ᠎ᠠ ᠶ᠋ᠢᠨ ᠵᠠᠡᠭᠰᠢᠯ ᠳᠦ ᠵᠡᠬᠦᠨ ᠲᠠᠯ᠎ᠠ ᠪᠣᠯ ᠨᠠᠷᠠ ᠮᠠᠨᠳᠣᠬᠣ ᠵᠦᠭ ᠬᠡᠳ ᠡᠷᠡᠭᠲᠠᠢ ᠶ᠋ᠢ ᠨᠢ ᠵᠡᠬᠦᠨ ᠲᠠᠯ᠎ᠠ ᠳᠦ ᠣᠷᠣᠰᠢᠭᠣᠯᠵᠣ᠂ ᠡᠮᠡᠭᠲᠠᠢ ᠶ᠋ᠢ ᠨᠢ ᠪᠠᠷᠠᠭᠣᠨ ᠲᠠᠯ᠎ᠠ ᠳᠦ ᠨᠢ ᠣᠷᠣᠰᠢᠭᠣᠯᠳᠠᠭ᠃ ᠣᠷᠬ᠎ᠠ ᠪᠠᠷᠢᠭᠰᠠᠨ ᠨᠡᠬᠦᠳᠡᠯᠴᠢᠨ ᠦᠨᠳᠣᠰᠣᠳᠡᠨ ᠪᠣᠯ ᠪᠦᠬᠡ ᠮᠦᠷᠬᠦᠯ ‍ᠤᠨ ᠶᠣᠰᠣᠭᠠᠷ ᠪᠠᠷᠠᠭᠣᠨ ᠵᠦᠭ ᠪᠣᠯ ᠪᠣᠷᠬᠠᠨ ᠲᠡᠭᠷᠢ ᠠᠵᠣᠭᠣ᠃ ᠲᠠᠷᠣᠢ ᠵᠠᠬᠢᠷᠭᠠᠨ ‍ᠤ ᠲᠡᠭᠷᠢ ᠪᠢᠯᠡ᠃ ᠠᠷᠴᠢᠭᠣᠷ ᠪᠠᠷᠢᠭᠰᠠᠨ ᠦᠨᠳᠣᠰᠣᠳᠡᠨ ᠪᠣᠯ ᠬᠠᠷᠢᠨ ᠲᠡᠭᠷᠢ ᠶ᠋ᠢᠨ ᠵᠠᠷᠣᠴᠡ ᠣᠴᠢᠷ ᠨᠠᠷᠠ ᠶ᠋ᠢ ᠰᠢᠳᠣᠵᠣ ᠪᠠᠶᠢᠭᠰᠠᠨ ᠶᠣᠮ᠃ ᠢᠡᠭᠬᠢᠵᠣ ᠦᠵᠡᠪᠡᠯ ᠨᠡᠬᠦᠳᠡᠯᠴᠢᠨ ᠦᠨᠳᠣᠰᠣᠳᠡᠨ ᠪᠠ ᠲᠠᠷᠢᠶᠠᠴᠢᠨ ᠦᠨᠳᠣᠰᠣᠳᠡᠨ ᠰᠢᠳᠣᠯᠬᠡ ᠶ᠋ᠢᠨ ᠲᠠᠯ᠎ᠠ ᠳᠦ ᠶᠡᠬᠡᠬᠡᠨ ᠢᠯᠭᠠᠭ᠎ᠠ ᠵᠦᠷᠢᠶ᠎ᠡ ᠲᠠᠢ ᠪᠠᠶᠢᠳᠠᠭ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ