ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ ᠶ᠋ᠢᠨ ᠣᠯᠠᠨ ᠵᠠᠭᠤᠴᠢᠲᠤ ᠥᠷᠥᠭᠡ ᠶ᠋ᠢᠨ ᠤᠷᠠᠯᠠᠨ ᠴᠢᠮᠡᠭᠯᠡᠬᠦ ᠢᠨᠵᠸᠨ᠋ᠸᠷᠢᠩ ‍ᠢ ᠳᠠᠭᠠᠭᠠᠴᠢᠯᠠᠭᠤᠯᠬᠤ ᠵᠠᠷᠯᠠᠯ

ᠤᠩᠰᠢᠭᠰᠠᠨ ᠤᠳᠠᠭ᠎ᠠ ᠄ 1011    ᠨᠡᠶᠢᠳᠡᠯᠡᠭᠰᠡᠨ ᠴᠠᠭ ᠄ 2016-11-30

ᠨᠢᠭᠡ᠂ ᠢᠨᠵᠸᠨ᠋ᠸᠷᠢᠩ ‍ᠤᠨ ᠨᠡᠷ᠎ᠡ᠄ ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ ᠶ᠋ᠢᠨ ᠣᠯᠠᠨ ᠵᠠᠭᠤᠴᠢᠲᠤ ᠥᠷᠥᠭᠡ ᠶ᠋ᠢ ᠤᠷᠠᠯᠠᠨ ᠴᠢᠮᠡᠭᠯᠡᠬᠦ ᠢᠨᠵᠸᠨ᠋ᠸᠷᠢᠩ

ᠬᠣᠶᠠᠷ᠂ ᠪᠣᠳᠠᠲᠤ ᠪᠠᠶᠢᠳᠠᠯ ᠵᠢᠴᠢ ᠠᠵᠢᠯ ‍ᠤᠨ ᠬᠦᠷᠢᠶ᠎ᠡ ᠬᠡᠪᠴᠢᠶ᠎ᠡ᠄ ᠲᠡᠭᠷᠢ ᠲᠠᠯ᠎ᠠ ᠳᠠᠭᠤᠤ ᠬᠦᠭᠵᠢᠮ ‍ᠤᠨ ᠰᠦᠯᠵᠢᠶ᠎ᠡ ᠶ᠋ᠢᠨ ᠣᠯᠠᠨ ᠵᠠᠭᠤᠴᠢᠲᠤ ᠥᠷᠥᠭᠡ ᠶ᠋ᠢᠨ ᠶᠡᠷᠦᠩᠬᠢ ᠲᠠᠯᠠᠪᠠᠢ ᠨᠢ 2000㎡᠂ ᠳᠠᠭᠤᠤ ᠬᠥᠭᠵᠢᠮ ‍ᠤᠨ ᠰᠢᠩᠭᠡᠭᠡᠯᠲᠡ ᠶ᠋ᠢᠨ ᠥᠷᠥᠭᠡ᠂ ᠨᠡᠪᠲᠡᠷᠡᠭᠦᠯᠭᠡ ᠶ᠋ᠢᠨ ᠥᠷᠥᠭᠡ᠂ ᠰᠡᠭᠦᠳᠡᠷᠯᠡᠬᠦ ᠥᠷᠥᠭᠡ᠂ ᠪᠣᠯᠪᠠᠰᠤᠷᠠᠯ ‍ᠤᠨ ᠥᠷᠥᠭᠡ ᠶ᠋ᠢᠨ ᠲᠤᠰᠬᠠᠢ ᠮᠡᠷᠭᠡᠵᠢᠯ ‍ᠤᠨ ᠤᠷᠠᠯᠠᠨ ᠴᠢᠮᠡᠭᠯᠡᠯᠲᠡ ᠨᠢ 12 ᠰᠠᠷ᠎ᠠ ᠳ᠋ᠤ ᠳᠠᠭᠤᠰᠴᠤ᠂ ᠶᠡᠬᠡ ᠲᠢᠩᠬᠢᠮ᠂ ᠭᠤᠳᠤᠮ᠂ ᠳᠠᠭᠤᠤ ᠬᠥᠭᠵᠢᠮ ‍ᠤᠨ ᠦᠵᠡᠰᠭᠦᠯᠡᠩ ‍ᠤᠨ ᠬᠣᠩᠬᠢᠯ᠂ ᠠᠯᠪᠠᠨ ᠭᠡᠷ ᠵᠡᠷᠭᠡ ᠶ᠋ᠢᠨ ᠮᠣᠩᠭᠣᠯ ᠦᠨᠳᠦᠰᠦᠲᠡᠨ ‍ᠤ ᠣᠨᠴᠠᠯᠢᠭ ᠲᠠᠢ ᠤᠷᠠᠯᠠᠨ ᠴᠢᠮᠡᠭᠯᠡᠬᠦ ᠢᠨᠵᠸᠨ᠋ᠸᠷᠢᠩ ᠨᠢ ᠤᠳᠠᠯ ᠦᠭᠡᠢ ᠡᠬᠢᠯᠡᠵᠦ᠂ ᠲᠤᠰᠬᠠᠢ ᠺᠣᠮᠫᠠᠨᠢ ᠳ᠋ᠤ ᠳᠠᠭᠠᠭᠠᠴᠢᠯᠠᠭᠤᠯᠵᠤ ᠬᠢᠯᠭᠡᠬᠦ ᠪᠠᠷ ᠪᠠᠶᠢᠨ᠎ᠠ᠃

ᠭᠤᠷᠪᠠ᠂ ᠱᠠᠭᠠᠷᠳᠠᠯᠭ᠎ᠠ᠄

1.ᠳᠠᠭᠠᠭᠠᠴᠢᠯᠠᠬᠤ ᠺᠣᠮᠫᠠᠨᠢ ᠨᠢ ᠡᠷᠬᠡᠪᠰᠢ ᠮᠣᠩᠭᠣᠯ ᠦᠨᠳᠦᠰᠦᠲᠡᠨ ‍ᠤ ᠣᠨᠴᠠᠯᠢᠭ ᠲᠠᠢ ᠤᠷᠠᠯᠠᠨ ᠴᠢᠮᠡᠭᠯᠡᠬᠦ ᠲᠤᠬᠠᠶᠢᠯᠠᠭᠰᠠᠨ ᠠᠵᠢᠯ ‍ᠤᠨ ᠬᠢᠷᠢ ᠬᠡᠮ ᠲᠠᠢ ᠪᠥᠭᠡᠳ 3 ᠵᠢᠯ ᠡᠴᠠ ᠳᠡᠭᠡᠭᠰᠢᠬᠢ ᠲᠤᠷᠰᠢᠯᠭ᠎ᠠ ᠲᠠᠢ ᠪᠠᠶᠢᠬᠤ ᠬᠡᠷᠡᠭᠲᠡᠢ᠃

2.ᠳᠠᠭᠠᠭᠠᠴᠢᠯᠠᠬᠤ ᠺᠣᠮᠫᠠᠨᠢ ᠶ᠋ᠢᠨ ᠤᠷᠠᠯᠠᠨ ᠴᠢᠮᠡᠭᠯᠡᠬᠦ ᠲᠥᠰᠥᠪ ᠨᠢ ᠡᠷᠬᠡᠪᠰᠢ ᠮᠣᠩᠭᠣᠯ ᠰᠣᠶᠣᠯ ‍ᠤᠨ ᠣᠨᠴᠠᠯᠢᠭ ᠲᠠᠢ ᠪᠥᠭᠡᠳ ᠮᠣᠩᠭᠣᠯ ᠳᠠᠭᠤᠤ ᠬᠥᠭᠵᠢᠮ ‍ᠤᠨ ᠰᠣᠶᠣᠯ ‍ᠤᠨ ᠠᠭᠤᠯᠭ᠎ᠠ ᠶ᠋ᠢ ᠳᠣᠪᠣᠶᠢᠯᠭᠠᠵᠤ ᠴᠢᠳᠠᠭᠰᠠᠨ ᠪᠠᠶᠢᠬᠤ ᠬᠡᠷᠡᠭᠲᠡᠢ᠃

ᠳᠦᠷᠪᠡ᠂ ᠨᠡᠷ᠎ᠡ ᠮᠡᠳᠡᠭᠦᠯᠬᠦ ᠴᠠᠭ᠄ 2016.12 .1— 2016.12.15
             ᠤᠲᠠᠰᠤ᠄ 0471 — 4814111. 4814631.13347131212
             ᠸᠢᠴᠠᠲ᠄ bg77099᠂ ᠢᠮᠸᠯ ᠄ 583346205@qq.com

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ