ᠵᠠᠯᠠᠭᠤ ᠤᠷᠠᠨ ᠪᠦᠲᠦᠭᠡᠯᠴᠢ᠂ ᠬᠥᠲᠥᠯᠥᠭᠴᠢ᠂ ᠳᠠᠭᠤᠴᠢᠨ ᠠᠯᠢᠮ᠎ᠠ

ᠤᠩᠰᠢᠭᠰᠠᠨ ᠤᠳᠠᠭ᠎ᠠ ᠄ 926    ᠨᠡᠶᠢᠳᠡᠯᠡᠭᠰᠡᠨ ᠴᠠᠭ ᠄ 2016-11-10

ᠠᠯᠢᠮ᠎ᠠ᠂ ᠠᠯᠠᠱᠠ ᠠᠶᠢᠮᠠᠭ ‍ᠤᠨ ᠡᠵᠡᠨ᠎ᠡ ᠬᠣᠰᠢᠭᠤ ᠪᠠᠷ ᠨᠤᠲᠤᠭ ᠲᠠᠢ ᠵᠠᠯᠠᠭᠤ ᠢᠷᠠᠭᠤ ᠨᠠᠶᠢᠷᠠᠭᠴᠢ᠂ ᠳᠠᠭᠤᠴᠢᠨ᠂ ᠥᠪᠥᠷ ᠮᠣᠩᠭᠣᠯ ‍ᠤᠨ ᠮᠣᠩᠭᠣᠯ ᠣᠳᠣᠨ ᠲᠸᠯᠸᠢᠰ ‍ᠤᠨ 《 ᠣᠳᠣᠳ ᠲᠥᠭᠡᠬᠦ ᠴᠠᠭ 》  ᠨᠡᠪᠲᠡᠷᠡᠭᠦᠯᠦᠭᠡ ᠶ᠋ᠢᠨ ᠬᠥᠲᠥᠯᠥᠭᠴᠢ᠂ ᠨᠠᠶᠢᠷᠠᠭᠤᠯᠤᠭᠴᠢ᠃

2006 ᠣᠨ ᠳ᠋ᠤ ᠪᠦᠬᠦ ᠤᠯᠤᠰ ‍ᠤᠨ ᠨᠠᠢᠮᠠᠨ ᠮᠤᠵᠢ ᠣᠷᠣᠨ ‍ᠤ 《 ᠶᠤᠸᠠᠨ ‍ᠤ ᠳᠡᠭᠡᠳᠦ ᠨᠡᠶᠢᠰᠯᠡᠯ 》 ᠬᠤᠨᠳᠠᠭᠠᠲᠤ ᠷᠠᠳᠢᠣ᠋ ᠲᠸᠯᠸᠢᠰ ‍ᠤᠨ ᠬᠥᠲᠥᠯᠥᠭᠴᠢ ᠨᠡᠪᠲᠡᠷᠡᠭᠦᠯᠦᠭᠴᠢ ᠶ᠋ᠢᠨ ᠤᠷᠤᠯᠳᠤᠭᠠᠨ ᠳ᠋ᠤ ᠲᠡᠷᠢᠭᠦᠯᠡᠨ᠂ ᠲᠤᠰ ᠵᠢᠯ ᠳ᠋ᠤ ᠪᠠᠨ ᠥᠪᠥᠷ ᠮᠣᠩᠭᠣᠯ ‍ᠤᠨ ᠲᠸᠯᠸᠢᠰ ᠬᠣᠷᠢᠶᠠᠨ ᠳ᠋ᠤ ᠰᠢᠯᠭᠠᠭᠳᠠᠨ ᠣᠷᠣᠵᠣ᠂ ᠳᠠᠷᠠᠭ᠎ᠠ ᠵᠢᠯ ᠳ᠋ᠤ ᠨᠢ ᠠᠵᠢᠯ ᠳ᠋ᠤ ᠭᠠᠷᠪᠠ᠃ ᠤᠷᠢᠳ ᠬᠣᠵᠢᠳ 《 ᠥᠷᠯᠥᠭᠡ ᠶ᠋ᠢᠨ ᠮᠡᠳᠡᠭᠡ 》᠂ 《 ᠨᠡᠶᠢᠭᠡᠮ ᠠᠵᠢᠭᠯᠠᠯᠲᠠ 》᠂ 《 ᠭᠤᠷᠪᠠᠨ ᠳᠠᠪᠠᠭ᠎ᠠ 》᠂ 《 ᠭᠠᠷᠠᠭ ‍ᠤᠨ ᠪᠣᠯᠵᠣᠭ᠎ᠠ 》᠂ 《 ᠣᠳᠣᠳ ᠲᠥᠭᠡᠬᠦ ᠴᠠᠭ 》 ᠵᠡᠷᠭᠡ ᠨᠡᠪᠲᠡᠷᠡᠭᠦᠯᠭᠡ ᠶ᠋ᠢ ᠬᠦᠲᠦᠯᠬᠦ ᠶ᠋ᠢᠨ ᠬᠠᠮᠲᠤ ᠥᠪᠡᠷᠲᠡᠭᠡᠨ ᠵᠠᠰᠠᠬᠤ ᠣᠷᠣᠨ ‍ᠤ 《 ᠬᠣᠶᠠᠷ ᠬᠣᠷᠠᠯ 》 ‍ᠢ ᠰᠤᠷᠪᠤᠯᠵᠢᠯᠠᠨ ᠮᠡᠳᠡᠭᠡᠯᠡᠵᠦ᠂ ᠥᠪᠥᠷ ᠮᠣᠩᠭᠣᠯ ‍ᠤᠨ ᠴᠠᠭᠠᠨ ᠰᠠᠷ᠎ᠠ ᠶ᠋ᠢᠨ ᠦᠳᠡᠰᠢᠯᠡᠭᠡ᠂ ᠲᠠᠯ᠎ᠠ ᠨᠤᠲᠤᠭ ‍ᠤᠨ ᠰᠣᠶᠣᠯ ‍ᠤᠨ ᠨᠠᠶᠢᠷ᠂ ᠵᠣᠣ ᠵᠢᠶᠦ᠋ᠨ ᠰᠣᠶᠣᠯ ‍ᠤᠨ ᠨᠠᠶᠢᠷ᠂ ᠳᠤᠮᠳᠠᠳᠤ ᠮᠣᠩᠭᠣᠯ ᠣᠷᠣᠰ ‍ᠤᠨ ᠭᠤᠸ᠎ᠠ ᠪᠦᠰᠡᠭᠦᠢ ᠶ᠋ᠢᠨ ᠲᠡᠮᠡᠴᠡᠭᠡᠨ᠂ ᠬᠣᠰᠢᠭᠤ ᠠᠶᠢᠮᠠᠭ ‍ᠤᠨ ᠴᠠᠭᠠᠨ ᠰᠠᠷ᠎ᠠ ᠶ᠋ᠢᠨ ᠦᠳᠡᠰᠢᠯᠡᠭᠡ ᠵᠡᠷᠭᠡ ᠦᠳᠡᠰᠢᠯᠡᠭᠡ ᠲᠣᠭᠯᠠᠯᠲᠠ ᠶ᠋ᠢ ᠣᠯᠠᠨᠲᠠ ᠬᠥᠲᠥᠯᠥᠨ᠂ ᠲᠠᠯ᠎ᠠ ᠲᠠᠯ᠎ᠠ ᠶ᠋ᠢᠨ ᠠᠵᠢᠯ ‍ᠢ ᠣᠷᠣᠯᠳᠣᠨ᠂ ᠥᠪᠡᠷ ‍ᠢ ᠪᠠᠨ ᠰᠣᠷᠢᠵᠣ᠂ ᠰᠣᠶᠢᠵᠣ ᠶᠠᠪᠤᠭᠰᠠᠨ ᠶᠤᠮ᠃

ᠣᠷᠣᠯᠳᠣᠯᠭ᠎ᠠ ᠰᠠᠶᠢᠲᠠᠢ ᠲᠡᠷᠡ ᠪᠠᠷ ᠨᠡᠪᠲᠡᠷᠡᠭᠦᠯᠭᠡ ᠪᠠᠨ ᠲᠦᠰᠦᠪᠯᠡᠵᠦ᠂ ᠨᠠᠶᠢᠷᠠᠭᠤᠯᠵᠤ ᠬᠦᠲᠦᠯᠬᠦ᠂ ᠡᠰᠭᠡᠵᠦ ᠲᠢᠭᠯᠡᠬᠦ ᠬᠦᠷᠲᠡᠯ᠎ᠡ ᠪᠦᠬᠦᠨ ‍ᠢ ᠪᠡᠶ᠎ᠡ ᠪᠠᠨ ᠳᠠᠭᠠᠭᠠᠨ ᠭᠦᠢᠴᠡᠳᠬᠡᠵᠦ᠂ ᠦᠭᠦᠯᠡᠯ ᠵᠣᠬᠢᠶᠠᠯ ᠨᠡᠶᠢᠲᠡᠯᠡᠨ ᠥᠪᠡᠷ ‍ᠢ ᠪᠠᠨ ᠴᠡᠨᠡᠭᠯᠡᠵᠦ ᠶᠠᠪᠤᠳᠠᠭ ᠡᠴᠠ ᠨᠠᠢᠮᠠᠨ ᠮᠤᠵᠢ ᠣᠷᠣᠨ ‍ᠤ ᠮᠣᠩᠭᠣᠯ ᠲᠸᠯᠸᠢᠰ ᠫᠷᠦᠭᠷᠡᠮ ‍ᠤᠨ ᠰᠢᠯᠭᠠᠷᠠᠭᠤᠯᠤᠯᠲᠠ ᠳ᠋ᠤ ᠣᠯᠠᠨᠲᠠ ᠱᠠᠩᠨᠠᠯ ᠬᠦᠷᠲᠡᠭᠰᠡᠨ ᠪᠢᠯᠡ᠃

2010 ᠣᠨ ᠳ᠋ᠤ 《 ᠠᠷᠢᠭᠤᠨ ᠪᠤᠮᠪᠠ ᠶ᠋ᠢᠨ ᠠᠯᠠᠱᠠ 》 ᠬᠡᠮᠡᠬᠦ ᠤᠶᠠᠩᠭ᠎ᠠ ᠳᠠᠭᠤᠤ ᠣᠷᠠᠨ ᠣᠩᠰᠢᠯᠭ᠎ᠠ ᠶ᠋ᠢᠨ ᠴᠣᠮᠣᠭ ᠢᠶᠡᠨ ᠭᠠᠷᠭᠠᠨ᠂ 2015 ᠣᠨ ᠳ᠋ᠤ ᠥᠪᠥᠷ ᠮᠣᠩᠭᠣᠯ ‍ᠤᠨ ᠲᠧᠯᠸᠢᠰ ᠬᠣᠷᠢᠶᠠᠨ ᠤ ᠮᠣᠩᠭᠣᠯ ᠮᠣᠩᠭᠣᠯ ᠨᠡᠪᠲᠡᠷᠡᠭᠦᠯᠭᠡ ᠡᠬᠢᠯᠡᠭᠰᠡᠨ ᠳᠦᠴᠢᠨ ᠵᠢᠯ ‍ᠦᠨ ᠣᠢ ᠳ᠋ᠤ ᠬᠦᠨᠳᠦ ᠪᠡᠯᠡᠭ ᠪᠣᠯᠭᠠᠨ 《 ᠰᠡᠳᠬᠢᠯ ᠦᠨ ᠶᠢᠷᠲᠢᠨᠴᠦ ᠶ᠋ᠢ ᠨᠡᠬᠡᠭᠡᠭᠦᠢ 》 ᠨᠣᠮ ᠪᠣᠯᠣᠨ 《 ᠰᠡᠳᠬᠢᠯ ᠦᠨ ᠶᠢᠷᠲᠢᠨᠴᠦ ᠶ᠋ᠢ ᠳᠠᠭᠤᠯᠠᠬᠤᠢ 》 ᠳᠠᠭᠤᠤ ᠶ᠋ᠢᠨ ᠴᠣᠮᠣᠭ ᠢᠶᠡᠨ ᠭᠠᠷᠭᠠᠵᠠᠢ᠃


                   



ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ