ᠨᠢᠭᠤᠷ ‍ᠤᠨ ᠠᠲᠤᠷᠢᠶ᠎ᠠ ᠳ᠋ᠤ 《 ᠲᠠᠪᠤᠨ ᠠᠶᠤᠯᠳᠤ ᠭᠡᠮ 》 ᠨᠢᠭᠤᠭᠳᠠᠵᠤ ᠪᠤᠢ

ᠤᠩᠰᠢᠭᠰᠠᠨ ᠤᠳᠠᠭ᠎ᠠ ᠄ 895    ᠨᠡᠶᠢᠳᠡᠯᠡᠭᠰᠡᠨ ᠴᠠᠭ ᠄ 2016-11-01

ᠠᠮᠸᠷᠢᠺᠠ ᠶ᠋ᠢᠨ 《 ᠤᠷᠢᠳᠴᠢᠯᠠᠨ ᠰᠡᠷᠭᠡᠶᠢᠯᠡᠬᠦ 》 ᠰᠦᠯᠵᠢᠶ᠎ᠡ ᠲᠡᠭᠡᠷ᠎ᠡ ᠤᠷᠴᠢᠮ ᠤᠨ ᠡᠳᠦᠷ ᠲᠤ ᠨᠢᠭᠤᠷ ‍ᠤᠨ ᠠᠲᠤᠷᠢᠶ᠎ᠠ ᠡᠴᠠ ᠲᠠᠪᠤᠨ ᠵᠦᠢᠯ ᠤᠨ ᠡᠮᠡᠭᠲᠡᠶᠢᠴᠦᠳ ᠤᠨ ᠡᠷᠡᠭᠦᠯ ᠡᠩᠭᠡ ᠶ᠋ᠢᠨ ᠲᠦᠭᠰᠢᠭᠦᠷᠢ ᠶ᠋ᠢ ᠤᠯᠵᠦ ᠦᠵᠡᠵᠦ ᠪᠤᠯᠬᠤ ᠶ᠋ᠢ ᠳ᠋ᠦᠩᠨᠡᠵᠦ ᠭᠠᠷᠭᠠᠵᠠᠢ᠃     

1. ᠶᠠᠰᠤᠨ ᠤ ᠨᠢᠭᠳᠠᠴᠠ ᠰᠡᠶᠢᠷᠡᠭᠵᠢᠬᠦ ᠲᠦᠭᠰᠢᠭᠦᠷᠢ᠃ ᠠᠮᠸᠷᠢᠺᠡ ᠶ᠋ᠢᠨ ᠶᠸᠯᠣ᠋ ᠶᠡᠭᠡ ᠰᠤᠷᠭᠠᠭᠤᠯᠢ ᠶ᠋ᠢᠨ ᠰᠤᠳᠤᠯᠭᠠᠳᠠᠳ ᠢᠯᠡᠷᠡᠭᠦᠯᠦᠭᠰᠡᠨ ᠨᠢ᠂ ᠠᠷᠠᠰᠦ ᠨᠢ ᠠᠷᠠᠭ ᠶᠠᠰᠤᠨ ᠤ ᠡᠷᠡᠭᠦᠯ ᠴᠢᠭᠢᠷᠠᠭ ᠤᠨ ᠪᠠᠶᠢᠳᠠᠯ ᠤᠨ ᠨᠢᠭᠡᠨ ᠴᠤᠩᠬᠤ ᠮᠦᠨ᠃ ᠰᠤᠳᠤᠯᠭᠠᠳᠠᠳ 100 ᠢᠯᠡᠭᠦᠦ ᠨᠡᠷᠡᠰ ᠦᠳᠡᠯᠦᠭᠡ ᠨᠠᠰᠤᠨ ᠤ ᠡᠮᠡᠭᠲᠡᠶᠢᠴᠦᠳ ᠲᠤ ᠪᠠᠶᠢᠴᠠᠭᠠᠯᠲᠠ ᠬᠢᠭᠡᠳ ᠮᠡᠳᠡᠭᠰᠡᠨ ᠨᠢ ᠠᠲᠤᠷᠢᠶ᠎ᠠ ᠨᠢ ᠬᠠᠮᠤᠭ ᠬᠦᠨ ᠬᠠᠮᠤᠭ ᠤᠯᠠᠨ ᠡᠮᠡᠭᠲᠡᠶᠢᠴᠦᠳ ᠤᠨ ᠶᠠᠰᠤᠨ ᠤ ᠨᠢᠭᠲᠠᠴᠠ ᠨᠢ ᠬᠠᠮᠤᠭ ᠲᠤᠤᠷ᠎ᠠ᠃ ᠲᠤᠰ ᠰᠤᠳᠤᠯᠭᠠᠨ ᠤ ᠬᠠᠷᠢᠭᠤᠴᠠᠯᠭᠠᠲᠠᠨ ᠢᠯᠡᠷᠬᠡᠶᠢᠯᠡᠭᠰᠡᠨ ᠨᠢ ᠴᠠᠪᠠᠤ ᠶ᠋ᠢᠨ ᠤᠭᠤᠷᠠᠭ ᠨᠢ ᠶᠠᠰᠦ ᠪᠠ ᠠᠷᠠᠰᠤᠨ ᠤ ᠴᠢᠬᠤᠯᠠ ᠪᠦᠷᠢᠯᠳᠤᠭᠦᠨ ᠬᠡᠰᠡᠭ ᠪᠠᠶᠢᠵᠤ᠂ ᠲᠡᠭᠦᠨ ᠤ ᠲᠤᠭ᠎ᠠ ᠬᠡᠮᠵᠢᠶ᠎ᠡ ᠨᠢ ᠨᠠᠰᠦ ᠨᠡᠮᠡᠭᠳᠡᠬᠦ ᠶ᠋ᠢ ᠲᠠᠭᠠᠯᠳᠤᠨ ᠪᠠᠭᠠᠰᠤᠨ᠎ᠠ᠃      

2. ᠵᠢᠷᠦᠭᠡᠨ ᠡᠪᠡᠳᠴᠢᠨ ᠤ ᠠᠩᠬᠠᠨ ᠤ ᠦᠶ᠎ᠡ᠃ ᠴᠢᠬᠢᠨ ᠤᠨᠵᠢᠯᠠᠭ᠎ᠠ ᠲᠡᠭᠡᠷ᠎ᠡ ᠵᠢᠰᠢᠭᠦᠦ ᠱᠤᠭᠤᠮ ᠬᠡᠯᠪᠡᠷᠢᠲᠦ ᠠᠲᠤᠷᠢᠶ᠎ᠠ ᠭᠠᠷᠬᠤ ᠨᠢ ᠵᠢᠷᠦᠭᠡᠨ ᠡᠪᠡᠳᠴᠢᠨ ᠤ ᠠᠩᠬᠠᠨ ᠤ ᠬᠤᠭᠤᠴᠠᠭᠠᠨ ᠤ ᠢᠯᠡᠷᠡᠯ ᠪᠠᠶᠢᠵᠤ ᠮᠡᠳᠡᠨ᠎ᠡ᠃ ᠠᠮᠸᠷᠢᠺᠡ ᠶ᠋ᠢᠨ ᠰᠤᠳᠤᠯᠭᠠᠨ ᠤ ᠢᠯᠡᠷᠡᠭᠦᠯᠦᠭᠰᠡᠨ ᠢᠶᠠᠷ᠂ ᠴᠢᠬᠢᠨ ᠤᠨᠵᠢᠯᠠᠭ᠎ᠠ ᠲᠡᠭᠡᠷ᠎ᠡ ᠡᠶᠢᠮᠦᠷᠬᠦᠦ ᠨᠤᠭᠤᠯᠤᠭ᠎ᠠ ᠠᠲᠤᠷᠢᠶ᠎ᠠ ᠭᠠᠷᠬᠤ ᠬᠦᠮᠦᠰ ᠨᠡᠩ ᠴᠤ ᠵᠢᠷᠦᠭᠡᠨ ᠡᠪᠡᠳᠴᠢᠨ ᠲᠠᠢ ᠭᠡᠵᠦ ᠲᠤᠲᠤᠯᠤᠭᠳᠠᠬᠤ ᠪᠤᠯᠤᠯᠴᠠᠭ᠎ᠠ ᠲᠠᠢ᠃  ᠲᠤᠰᠬᠠᠢ ᠮᠡᠷᠭᠡᠵᠢᠯᠲᠡᠨ ᠤ ᠦᠵᠡᠬᠦ ᠪᠠᠷ᠂ ᠡᠨᠡᠬᠦ ᠠᠲᠤᠷᠢᠶ᠎ᠠ ᠨᠢ ᠴᠢᠬᠢᠨ ᠤᠨᠵᠢᠯᠠᠭ᠎ᠠ ᠦᠭᠡᠳᠡ ᠤᠷᠤᠰᠬᠤ ᠪᠢᠴᠢᠯ ᠴᠢᠰᠤᠨ ᠰᠤᠳᠠᠯ ᠰᠢᠭᠢᠳᠦᠨ ᠤᠷᠤᠭᠰᠠᠨ ᠡᠴᠠ ᠪᠣᠯᠵᠠᠢ᠃ ᠲᠡᠷᠡ ᠨᠢ ᠵᠢᠷᠦᠭᠡᠨ ᠤ ᠣᠶᠢᠷᠠᠯᠴᠠᠭᠠᠬᠢ ᠴᠢᠰᠤᠨ ᠰᠤᠳᠠᠯ ᠤᠨ ᠬᠤᠪᠢᠷᠠᠯᠲᠠ ᠶ᠋ᠢ ᠬᠠᠷᠠᠭᠤᠯᠵᠦ ᠳᠡᠶᠢᠯᠦᠨ᠎ᠡ᠃       

3. ᠦᠨᠳᠤᠷ ᠴᠢᠰᠤᠨ ᠲᠠᠷᠤᠯᠲᠠ᠃ ᠬᠤᠯᠠᠨᠳ᠋ ᠤᠨ ᠯᠸᠢᠢᠳᠦ᠋ᠨ ᠶᠡᠭᠡ ᠰᠤᠷᠭᠠᠭᠤᠯᠢ ᠶ᠋ᠢᠨ ᠡᠮᠴᠢᠯᠡᠭᠡᠨ ᠤ ᠲᠦᠪ ᠤᠨ ᠰᠤᠳᠤᠯᠭᠠᠲᠠᠳ ᠢᠯᠡᠷᠡᠭᠦᠯᠦᠭᠰᠡᠨ ᠨᠢ᠂ ᠦᠵᠡᠬᠦ ᠳ᠋ᠤ ᠨᠠᠰᠦ ᠪᠠᠷ ᠬᠠᠷᠢᠴᠠᠩᠭᠤᠢ ᠪᠠᠭ᠎ᠠ᠂ ᠠᠲᠤᠷᠢᠶ᠎ᠠ ᠪᠠᠭ᠎ᠠ ᠡᠮᠡᠭᠲᠡᠶᠢᠴᠦᠳ ᠤᠨ ᠴᠢᠰᠤᠨ ᠲᠠᠷᠤᠯᠲᠠ ᠨᠢ ᠬᠠᠷᠢᠴᠠᠩᠭᠤᠢ ᠲᠤᠤᠷ᠎ᠠ᠃ ᠰᠤᠳᠤᠯᠭᠠᠨ ᠡᠴᠠ ᠪᠠᠰᠠ ᠮᠡᠳᠡᠭᠰᠡᠨ ᠨᠢ᠂ ᠠᠳᠠᠯᠢ ᠨᠠᠰᠤᠨ ᠤ ᠬᠦᠮᠦᠰ ᠲᠠᠢ ᠠᠳᠠᠯᠢᠳᠬᠠᠪᠠᠯ᠂ ᠤᠷᠲᠤ ᠨᠠᠰᠤᠲᠠᠢ ᠭᠡᠷ ᠪᠦᠯᠢ ᠡᠴᠠ ᠢᠷᠡᠭᠰᠡᠨ ᠤᠷᠤᠯᠴᠠᠭᠴᠢ ᠶ᠋ᠢᠨ ᠲᠤᠬᠤᠢ ᠶ᠋ᠢᠨ ᠲᠡᠭᠡᠷ᠎ᠡ ᠭᠡᠰᠡᠭ ᠲᠤ ᠠᠲᠤᠷᠢᠶ᠎ᠠ ᠪᠠᠷᠤᠭ ᠪᠠᠶᠢᠳᠠᠭ ᠦᠭᠡᠢ᠃       

4. ᠲᠠᠷᠤᠯᠲᠠ ᠶᠡᠭᠡ᠃ ᠵᠤᠪᠠᠨᠢᠯ ᠰᠠᠨᠠᠭᠠᠰᠢᠷᠠᠯ ᠨᠢ ᠬᠦᠮᠦᠰ ᠢ ᠠᠲᠤᠷᠢᠶ᠎ᠠ ᠰᠠᠭᠤᠯᠭᠠᠳᠠᠭ᠃ ᠠᠮᠸᠷᠢᠺᠡ ᠶ᠋ᠢᠨ ᠨᠢᠦ᠋ ᠶᠤᠷᠺ ᠬᠤᠲᠠ ᠶ᠋ᠢᠨ ᠠᠷᠠᠰᠤᠨ ᠡᠪᠡᠳᠴᠢᠨ ᠤ ᠲᠤᠰᠠᠬᠠᠢ ᠮᠡᠷᠭᠡᠵᠢᠯᠲᠡᠨ ᠵᠸᠨ᠋ᠲ᠂ ᠫᠦᠯᠸᠢᠢᠰᠲ᠋ᠦ᠋ᠸᠸᠰ ᠢᠯᠡᠷᠭᠡᠢᠯᠡᠭᠰᠡᠨ ᠨᠢ᠂ ᠬᠦᠮᠦᠰ ᠲᠠᠷᠤᠯᠲᠠ ᠶ᠋ᠢ ᠬᠦᠯᠢᠶᠡᠬᠦ ᠦᠶᠡᠰ ᠬᠦᠮᠦᠰᠭᠡ ᠪᠠᠨ ᠠᠲᠤᠷᠢᠭᠤᠯᠵᠦ᠂ ᠴᠠᠭ ᠮᠦᠴᠡ ᠤᠯᠠᠷᠢᠬᠤ ᠶ᠋ᠢ ᠲᠠᠭᠠᠯᠳᠤᠨ ᠮᠠᠩᠨᠠᠢ ᠶ᠋ᠢᠨ ᠬᠡᠰᠡᠭ ᠲᠤ ᠡᠭᠦᠷᠢᠳᠡ ᠶ᠋ᠢᠨ ᠴᠢᠨᠠᠷᠲᠠᠢ ᠠᠲᠤᠷᠢᠶ᠎ᠠ ᠰᠠᠭᠤᠳᠠᠭ᠃ ᠬᠠᠷᠢᠨ ᠬᠠᠴᠠᠷ ᠤᠨ ᠬᠡᠰᠡᠭ ᠵᠢᠴᠢ ᠪᠤᠰᠤᠳ ᠭᠠᠵᠠᠷ ᠤᠨ ᠠᠲᠤᠷᠢᠶ᠎ᠠ ᠨᠢ ᠪᠠᠰᠠ ᠤᠳᠠᠭᠠᠨ ᠬᠤᠭᠤᠴᠠᠭ᠎ᠠ ᠵᠤᠪᠠᠨᠢᠭᠰᠠᠨ ᠡᠴᠠ ᠪᠡᠶ᠎ᠡ ᠡᠴᠠ ᠶᠡᠭᠡ ᠬᠡᠮᠵᠢᠶᠡᠨ ᠤ ᠠᠷᠭᠠᠴᠠᠬᠤ ᠬᠤᠷᠮᠤᠨ ᠢᠯᠭᠠᠷᠠᠭᠤᠯᠵᠦ᠂ ᠠᠷᠠᠰᠤᠨ ᠲᠤᠲᠤᠷᠠᠬᠢ ᠴᠠᠪᠠᠤ ᠶ᠋ᠢᠨ ᠤᠭᠤᠷᠠᠭ ᠢ ᠲᠤᠷᠤᠭᠰᠢᠯᠠᠭᠤᠯᠤᠭᠰᠠᠨ ᠲᠠᠢ ᠵᠤᠬᠢᠬᠤ ᠬᠤᠯᠪᠤᠭ᠎ᠠ ᠲᠠᠢ᠃       

5. ᠰᠢᠭᠢᠷᠯᠢᠭ ᠢᠳᠡᠭᠡᠨ ᠢ ᠤᠯᠠᠨ ᠢᠳᠡᠭᠰᠡᠨ᠃ ᠰᠢᠭᠢᠷᠯᠢᠭ ᠢᠳᠡᠭᠡᠨ ᠢ ᠤᠯᠠᠨ ᠢᠳᠡᠬᠦ ᠨᠢ ᠰᠢᠬᠢᠷ ᠪᠠ ᠤᠭᠤᠷᠠᠭ ᠢ ᠴᠤᠭ ᠨᠠᠭᠠᠯᠳᠤᠭᠤᠯᠵᠦ᠂ ᠬᠦᠮᠦᠨ ᠤ ᠪᠡᠶ᠎ᠡ ᠲᠤᠲᠤᠷ᠎ᠠ ᠠᠮᠠᠷᠬᠠᠨ 《 ᠰᠡᠭᠦᠯᠴᠢ ᠶ᠋ᠢᠨ ᠬᠤᠭᠤᠴᠠᠭᠠᠨ ᠤ ᠰᠢᠬᠢᠷ ᠤᠨ ᠤᠭ ᠬᠤᠪᠢᠷᠠᠭᠰᠠᠨ ᠡᠴᠦᠰ ᠤᠨ ᠪᠤᠳᠠᠰ 》 ᠪᠤᠯᠵᠦ ᠪᠦᠷᠢᠯᠳᠦᠨ᠂ ᠲᠤᠰ ᠪᠤᠳᠠᠰ ᠨᠢ ᠴᠠᠪᠠᠤ ᠶ᠋ᠢᠨ ᠤᠭᠤᠷᠠᠭ ᠪᠠ ᠬᠠᠷᠢᠮᠠᠬᠠᠢ ᠤᠭᠤᠷᠠᠭ ᠢ ᠵᠠᠳᠠᠷᠠᠭᠤᠯᠤᠨ᠂ ᠠᠷᠠᠰᠤᠨ ᠲᠡᠭᠡᠷ᠎ᠡ ᠨᠡᠩ ᠤᠯᠠᠨ ᠠᠲᠤᠷᠢᠶ᠎ᠠ ᠶ᠋ᠢ ᠪᠤᠢ ᠪᠤᠯᠭᠠᠨ᠎ᠠ᠃ ᠰᠤᠳᠤᠯᠭᠠᠳᠠᠳ ᠰᠠᠨᠠᠭᠤᠯᠤᠭᠰᠠᠨ ᠨᠢ᠂ ᠬᠠᠮᠤᠭ ᠤᠨ ᠰᠠᠶᠢᠨ ᠨᠢ ᠵᠢᠮᠢᠰ ᠢᠶᠠᠷ ᠰᠢᠬᠢᠷᠯᠢᠭ ᠢᠳᠡᠭᠡᠨ ᠢ ᠤᠷᠤᠯᠠᠭᠤᠯᠤᠨ᠎ᠠ᠂ ᠤᠴᠢᠷ ᠨᠢ ᠶᠡᠭᠡ ᠬᠡᠮᠵᠢᠶᠡᠨ ᠤ ᠵᠢᠮᠢᠰ ᠨᠢ ᠰᠢᠬᠢᠷᠵᠢᠬᠦ ᠶ᠋ᠢ ᠡᠰᠡᠷᠭᠦᠴᠡᠬᠦ ᠴᠢᠳᠠᠮᠵᠢ ᠲᠠᠢ ᠪᠠᠶᠢᠵᠤ᠂ ᠠᠷᠠᠰᠤᠨ ᠤ ᠰᠢᠷᠬᠠᠳᠤᠯ ᠡᠴᠠ ᠰᠡᠷᠭᠡᠶᠢᠯᠡᠵᠦ ᠳᠡᠶᠢᠯᠦᠨ᠎ᠡ᠃

ᠢᠷᠡᠯᠳᠡ᠄ ᠠᠷᠡᠳ ᠤᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ