ᠵᠠᠯᠠᠭᠤ ᠳᠠᠭᠤᠴᠢᠨ ᠠᠯᠲᠠᠨᠵᠠᠭᠠᠨ

ᠤᠩᠰᠢᠭᠰᠠᠨ ᠤᠳᠠᠭ᠎ᠠ ᠄ 926    ᠨᠡᠶᠢᠳᠡᠯᠡᠭᠰᠡᠨ ᠴᠠᠭ ᠄ 2016-10-21

     ᠠᠯᠲᠠᠨᠵᠠᠭᠠᠨ᠂ ᠬᠥᠯᠥᠨ ᠪᠣᠶᠢᠷ ᠬᠣᠲᠠ ᠶᠢᠨ ᠰᠢᠨ᠎ᠡ ᠪᠠᠷᠭᠤ ᠪᠠᠷᠠᠭᠤᠨ ᠬᠣᠰᠢᠭᠤᠨ ᠤ ᠤᠤᠭᠠᠯ᠂  ᠬᠥᠯᠥᠨ ᠪᠣᠶᠢᠷ ᠬᠣᠲᠠ ᠶᠢᠨ ᠤᠷᠠᠯᠢᠭ ‍ᠤᠨ ᠳᠡᠭᠡᠳᠦ ᠰᠤᠷᠭᠠᠭᠤᠯᠢ ᠡᠴᠡ ᠲᠡᠭᠦᠰᠴᠦ᠂ ᠳᠠᠷᠠᠭ᠎ᠠ ᠨᠢ ᠮᠣᠩᠭᠣᠯ ᠤᠯᠤᠰ ‍ᠤᠨ ᠰᠣᠶᠣᠯ ᠤᠷᠠᠯᠢᠭ ‍ᠤᠨ ᠶᠡᠬᠡ ᠰᠤᠷᠭᠠᠭᠤᠯᠢ ᠶᠢᠨ ᠤᠯᠤᠰ ᠤᠨ ᠳ᠋ᠣᠺᠲ᠋ᠣᠷ ᠫᠷᠦᠹᠸᠰᠰᠣᠷ ᠬᠠᠶᠢᠳᠤᠪ ᠪᠠᠭᠰᠢ ᠶᠢᠨ ᠱᠠᠪᠢ ᠪᠣᠯᠵᠤ᠂ ᠣᠳᠣ ᠣᠯᠠᠨ ᠰᠠᠶᠢᠬᠠᠨ ᠤᠷᠠᠨ ᠪᠦᠲᠦᠭᠡᠯ ᠢᠶᠡᠷ ᠢᠶᠡᠨ ᠮᠣᠩᠭᠣᠯᠴᠤᠳ ᠲᠠ ᠪᠦᠬᠦᠨ ᠲᠠᠢ ᠪᠠᠨ ᠮᠡᠨᠳᠦᠴᠢᠯᠡᠵᠦ ᠪᠠᠶᠢᠨ᠎ᠠ᠃
ᠣᠯᠣᠭᠰᠠᠨ ᠠᠮᠵᠢᠯᠲᠠ ᠪᠦᠲᠦᠭᠡᠯ᠄
     2007 ᠤᠨ ‍ᠤ ᠬᠦᠯᠦᠨ ᠪᠦᠢᠷ ᠬᠤᠳᠠ ᠶ᠋ᠢᠨ ᠵᠠᠯᠠᠭᠤ ᠳᠠᠭᠤᠴᠢᠳ ‍ᠤᠨ ᠳᠠᠭᠤᠤ ᠶ᠋ᠢᠨ ᠤᠷᠤᠯᠳᠤᠭᠠᠨ ‍ᠤ ᠮᠠᠩᠯᠠᠢ᠃
     2008 ᠤᠨ ‍ᠤ ᠮᠤᠩᠭᠤᠯ ᠤᠯᠤᠰ ‍ᠤᠨ ᠭᠠᠳᠠᠭᠠᠳᠤ ᠶ᠋ᠢᠨ ᠤᠶᠤᠳᠠᠳ ‍ᠤᠨ ᠳᠠᠭᠤᠤ ᠶ᠋ᠢᠨ ᠤᠷᠤᠯᠳᠤᠭᠠᠨ ‍ᠤ ᠳᠡᠳ᠋᠃
     2011 ᠤᠨ ‍ᠤ ᠰᠢᠯᠢ ᠶ᠋ᠢᠨ ᠭᠤᠤᠯ ᠠᠶᠢᠮᠠᠭ ‍ᠤᠨ ᠤᠯᠠᠭᠠᠠᠮᠦ᠋ᠴᠢᠷ ‍ᠤᠨ ᠬᠠᠮᠳᠤᠷᠠᠨ ᠲᠤᠭᠯᠠᠯᠳᠠ ᠶ᠋ᠢᠨ ᠨᠢᠭᠡᠳᠦᠭᠡᠷ ᠲᠠᠰ᠃
     2013 ᠤᠨ ‍ᠤ ᠣᠷᠣᠰ ᠤᠯᠤᠰ ᠲᠤ ᠪᠣᠯᠣᠭᠰᠠᠨ ᠤᠯᠠᠨ ᠤᠯᠤᠰ ‍ᠤᠨ ᠵᠠᠯᠠᠭᠤ ᠳᠠᠭᠤᠴᠢᠳ ‍ᠤᠨ ᠤᠷᠤᠯᠳᠤᠭᠠᠨ ‍ᠤ ᠰᠢᠯᠢᠳᠡᠭ ᠳᠡᠰ᠃
     2009 ᠣᠨ ᠳᠤ 《 ᠰᠤᠳᠤᠨ ᠨᠤᠳᠤᠭ ᠪᠠᠶᠠᠨ ᠪᠠᠷᠭᠤ 》 ᠳᠠᠭᠤᠤ ᠨᠢ 《 ᠲᠠᠪᠤ᠋ ᠨᠢᠭᠡ ᠢᠨᠵᠸᠨ᠋ᠸᠷᠢᠭ 》 ‍ᠤᠨ ᠱᠠᠩᠨᠠᠯ ᠬᠦᠷᠳᠡᠪᠠ᠃
     2012 ᠤᠨ ‍ᠤ 7 ᠰᠠᠷ᠎ᠠ ᠳᠤ 《 ᠪᠠᠷᠭᠤ ᠶ᠋ᠢᠨ ᠲᠠᠯ᠎ᠠ 》 ᠬᠡᠭᠦ ᠬᠤᠪᠢ ᠬᠦᠮᠦᠨ ‍ᠤ ᠠᠶ᠎ᠠ ᠳᠠᠭᠤᠤ ᠶ᠋ᠢᠨ ᠴᠤᠮᠤᠭ ᠢᠶᠡᠨ ᠲᠠᠷᠬᠠᠭᠠᠪᠠ᠃
ᠣᠷᠣᠯᠴᠠᠭᠰᠠᠨ ᠦᠳᠡᠰᠢᠯᠡᠭᠡ ᠲᠣᠭᠯᠠᠯᠲᠠ᠄
     2009 ᠣᠨ᠂ 2012 ᠣᠨ᠂ 2014 ᠣᠨ᠂ 2015 ᠣᠨ᠂ 2016 ᠤᠨ ‍ᠤ ᠦᠪᠦᠷ ᠮᠤᠩᠭᠤᠯ ‍ᠤᠨ ᠮᠣᠩᠭᠣᠯ ᠣᠳᠣᠨ ᠲᠸᠯᠸᠢᠰ ‍ᠤᠨ ᠴᠠᠭᠠᠨ ᠰᠠᠷ᠎ᠠ ᠶ᠋ᠢᠨ ᠤᠷᠠᠨ ᠰᠠᠶᠢᠬᠠᠨ ‍ᠤ ᠦᠳᠡᠰᠢᠯᠡᠭᠡ᠃
     2010 ᠣᠨ ᠳᠤ ᠤᠷᠳᠤᠰ ‍ᠤᠨ ᠲᠡᠯᠡᠬᠡᠢ ᠶ᠋ᠢᠨ ᠰᠤᠶᠤᠯ ‍ᠤᠨ ᠨᠠᠶᠢᠷ ‍ᠤᠨ ᠤᠷᠠᠨ ᠰᠠᠶᠢᠬᠠᠨ ‍ᠤ ᠲᠤᠭᠯᠠᠯᠳᠠ᠃
     2012 ᠤᠨ ‍ᠤ ᠬᠦᠯᠦᠨ ᠪᠣᠶᠢᠷ ᠬᠤᠳᠠ ᠶ᠋ᠢᠨ ᠰᠢᠨ᠎ᠠ ᠪᠠᠷᠭᠤ ᠪᠠᠷᠠᠭᠤᠨ ᠬᠤᠰᠢᠭᠤᠨ ‍ᠤ ᠴᠠᠭᠠᠨ ᠰᠠᠷ᠎ᠠ ᠶ᠋ᠢᠨ ᠦᠳᠡᠰᠢᠯᠡᠭᠡ᠃
     2013 ᠤᠨ ‍ᠤ 《 ᠡᠬᠡᠰᠢᠭ 》 ᠴᠠᠭᠠᠨ ᠰᠠᠷ᠎ᠠ ᠶ᠋ᠢᠨ ᠦᠳᠡᠰᠢᠯᠡᠭᠡ᠃
     2013 ᠤᠨ ‍ᠤ ᠰᠢᠯᠢ ᠶ᠋ᠢᠨ ᠭᠤᠤᠯ ‍ᠤᠨ ᠴᠠᠭᠠᠨ ᠰᠠᠷ᠎ᠠ ᠶ᠋ᠢᠨ ᠦᠳᠡᠰᠢᠯᠡᠭᠡ᠃
     2015 ᠤᠨ ‍ᠤ ᠦᠪᠦᠷ ᠮᠤᠩᠭᠤᠯ ‍ᠤᠨ ᠲᠸᠯᠸᠢᠰ ᠬᠣᠷᠢᠶ᠎ᠠ ᠶ᠋ᠢᠨ 《 ᠮᠢᠨᠤ ᠨᠤᠳᠤᠭ 》 ᠲᠤᠰᠬᠠᠢ ᠳᠡᠯᠭᠡᠴᠡ᠃
     2016 ᠤᠨ ‍ᠤ ᠨᠠᠢᠮᠠᠨ ᠮᠤᠵᠢ ᠤᠷᠤᠨ ‍ᠤ ᠴᠠᠭᠠᠨ ᠰᠠᠷ᠎ᠠ ᠶ᠋ᠢᠨ ᠤᠷᠠᠨ ᠰᠠᠶᠢᠬᠠᠨ ‍ᠤ ᠦᠳᠡᠰᠢᠯᠡᠭᠡ᠃
     2016 ᠤᠨ ‍ᠤ ᠠᠯᠠᠱᠠ ᠠᠶᠢᠮᠠᠭ ᠤᠨ ᠴᠠᠭᠠᠨ ᠰᠠᠷ᠎ᠠ ᠶ᠋ᠢᠨ ᠦᠳᠡᠰᠢᠯᠡᠭᠡ᠃



   ‍  






ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ