ᠬᠦᠬᠡ ᠬᠠᠳᠠᠭ ᠬᠠᠮᠲᠤᠯᠢᠭ

ᠤᠩᠰᠢᠭᠰᠠᠨ ᠤᠳᠠᠭ᠎ᠠ ᠄ 959    ᠨᠡᠶᠢᠳᠡᠯᠡᠭᠰᠡᠨ ᠴᠠᠭ ᠄ 2016-10-21

ᠬᠦᠬᠡ ᠬᠠᠳᠠᠭ ᠬᠠᠮᠲᠤᠯᠢᠭ᠂ ᠦᠪᠦᠷ ᠮᠣᠩᠭᠣᠯ ᠤᠨ ᠤᠯᠠᠭᠠᠨᠬᠠᠳᠠ ᠨᠤᠲᠤᠭ ᠲᠠᠢ ᠭᠤᠷᠪᠠᠨ ᠵᠠᠯᠠᠭᠤ ᠤᠷᠠᠯᠢᠭᠴᠢᠨ ᠢᠶᠠᠷ ᠪᠦᠷᠢᠯᠳᠦᠭᠰᠡᠨ ᠬᠠᠮᠲᠤᠯᠢᠭ᠃

ᠥᠯᠵᠡᠢ᠂ ᠡᠷᠡᠭᠲᠡᠢ᠂ ᠮᠣᠩᠭᠣᠯ ᠦᠨᠳᠦᠰᠦᠲᠡᠨ᠂ ᠪᠠᠭᠠᠷᠢᠨ ᠪᠠᠷᠠᠭᠤᠨ ᠬᠣᠰᠢᠭᠤᠨ ᠤ ᠰᠣᠪᠣᠷᠭ᠎ᠠ ᠰᠤᠮᠤ ᠪᠠᠷ ᠨᠤᠲᠤᠭ ᠲᠠᠢ᠃ ᠬᠠᠷᠠᠬᠠᠨ ᠪᠠᠭ᠎ᠠ ᠠᠴᠠ ᠪᠠᠨ ᠳᠠᠭᠤᠤ ᠤᠷᠠᠯᠢᠭ ᠲᠤ ᠤᠷ᠎ᠠ ᠠᠪᠢᠶᠠᠰ ᠲᠠᠢ ᠪᠠᠶᠢᠵᠤ ᠂ 1997 ᠣᠨ ᠳᠤ ᠤᠯᠠᠭᠠᠨᠬᠠᠳᠠ ᠬᠣᠲᠠ ᠶᠢᠨ ᠦᠨᠳᠦᠰᠦᠲᠡᠨ ᠦ ᠳᠠᠭᠤᠤ ᠪᠥᠵᠢᠭ ᠦᠨ ᠪᠦᠯᠬᠦᠮ ᠦᠨ ᠠᠯᠳᠠᠷᠲᠤ ᠳᠠᠭᠤᠴᠢᠨ ᠬᠠᠰᠪᠠᠲᠤ ᠶᠢᠨ ᠭᠠᠷ ᠤᠨ ᠱᠠᠪᠢ ᠪᠣᠯᠵᠤ᠂ ᠤᠷᠲᠤ ᠶᠢᠨ ᠳᠠᠭᠤᠤ ᠳᠠᠭᠤᠯᠠᠬᠤᠢ ᠶᠢᠨ ᠮᠡᠷᠭᠡᠵᠢᠯ ᠰᠤᠷᠪᠠ᠃ ᠣᠷᠴᠢᠮ ᠤᠨ ᠵᠢᠯ ᠦᠳ ᠲᠦ ᠲᠡᠷᠡ ᠣᠷᠣᠨ ᠤ ᠪᠠ ᠬᠣᠲᠠ ᠶᠢᠨ ᠲᠧᠯᠸᠢᠰ ᠦᠳᠡᠰᠢᠯᠡᠭᠡ ᠳᠦ ᠣᠷᠣᠯᠴᠠᠵᠤ᠂ ᠣᠯᠠᠨ ᠤᠳᠠᠭᠠᠨ ᠤ ᠤᠷᠲᠤ ᠶᠢᠨ ᠳᠠᠭᠤᠤ ᠶᠢᠨ ᠮᠥᠷᠥᠶᠢᠴᠡᠭᠡᠨ ᠳᠦ ᠤᠶᠠᠩᠭᠠᠲᠤ ᠢᠷᠠᠭᠤ ᠬᠣᠭᠣᠯᠠᠢ ᠪᠠᠷ ᠢᠶᠠᠨ ᠣᠯᠠᠨᠲᠠ ᠱᠠᠩᠨᠠᠯ ᠬᠦᠬᠢᠭᠦᠯᠦᠯ ᠲᠣᠰᠴᠤ ᠶᠠᠪᠤᠪᠠ᠃ ᠥᠯᠵᠡᠢ ᠪᠣᠯ ᠦᠶ᠎ᠡ ᠣᠯᠠᠨ ᠦᠵᠡᠭᠴᠢᠳ ᠰᠣᠨᠣᠰᠣᠭᠴᠢᠳ ᠤᠨ ᠢᠶᠠᠨ ᠬᠠᠯᠠᠭᠤᠨ ᠬᠦᠷᠢᠶᠡᠯᠡᠯ ᠢ ᠣᠯᠣᠭᠰᠠᠨ ᠵᠠᠯᠠᠭᠤ ᠳᠠᠭᠤᠴᠢᠨ ᠶᠤᠮ᠃ ᠲᠡᠷᠡ ᠣᠳᠣ ᠤᠯᠠᠭᠠᠨᠬᠠᠳᠠ ᠬᠣᠲᠠ ᠶᠢᠨ ᠬᠥᠬᠡ ᠬᠠᠳᠠᠭ ᠤᠷᠠᠯᠢᠭ ᠤᠨ ᠪᠥᠯᠬᠥᠮ ᠦᠨ ᠳᠠᠭᠠᠭᠠᠮᠠᠯ᠂ ᠭᠣᠣᠯᠯᠠᠭᠴᠢ ᠳᠠᠭᠤᠴᠢᠨ ᠢᠶᠠᠷ ᠥᠷᠭᠡᠨ ᠣᠯᠠᠨ ᠰᠣᠨᠣᠰᠣᠭᠴᠢᠳ ᠦᠵᠡᠭᠴᠢᠳ ᠦᠨ ᠢᠶᠡᠨ ᠠᠯᠲᠠᠨ ᠰᠣᠨᠣᠷ ᠢ ᠮᠢᠯᠢᠶᠠᠵᠤ ᠶᠠᠪᠤᠭᠰᠠᠭᠠᠷ ᠁

ᠪᠤᠯᠠᠭ᠂ ᠡᠮᠡᠭᠲᠡᠢ᠂ ᠮᠣᠩᠭᠣᠯ ᠦᠨᠳᠦᠰᠦᠲᠡᠨ᠂ ᠣᠩᠨᠢᠭᠤᠳ ᠬᠣᠰᠢᠭᠤᠨ ᠤ ᠪᠠᠶᠠᠨᠲᠠᠯ᠎ᠠ ᠰᠤᠮᠤ ᠪᠠᠷ ᠨᠤᠲᠤᠭ ᠲᠠᠢ᠃ 2001ᠣᠨ ᠳᠤ ᠤᠯᠠᠭᠠᠨᠬᠠᠳᠠ ᠬᠣᠲᠠ ᠶᠢᠨ ᠦᠨᠳᠦᠰᠦᠲᠡᠨ ᠦ ᠳᠠᠭᠤᠤ ᠪᠥᠵᠢᠭ ᠦᠨ ᠪᠦᠯᠬᠦᠮ ᠳᠦ ᠳᠠᠭᠤᠴᠢᠨ ᠢᠶᠠᠷ ᠠᠵᠢᠯᠯᠠᠭᠰᠠᠨ ᠪᠠᠶᠢᠨ᠎ᠠ᠃ ᠲᠡᠷᠡ ᠣᠯᠠᠨ ᠤᠳᠠᠭᠠᠨ ᠤ ᠲᠧᠯᠸᠢᠰ ᠦᠳᠡᠰᠢᠯᠡᠭᠡ᠂ ᠤᠷᠠᠨ ᠰᠠᠶᠢᠬᠠᠨ ᠤ ᠲᠣᠭᠯᠠᠯᠲᠠ ᠳᠤ ᠣᠷᠣᠯᠴᠠᠵᠤ᠂ ᠦᠵᠡᠭᠴᠢ ᠰᠣᠨᠣᠰᠣᠭᠴᠢᠳ ᠤᠨ ᠢᠶᠠᠨ ᠬᠠᠶᠢᠷ᠎ᠠ ᠪᠠᠬᠠᠷᠤᠯ ᠢ ᠲᠠᠲᠠᠵᠤ᠂ ᠮᠥᠨ ᠣᠯᠠᠨ ᠤᠳᠠᠭᠠᠨ ᠤ ᠳᠠᠭᠤᠤ ᠶᠢᠨ ᠮᠦᠷᠦᠶᠢᠴᠡᠭᠡᠨ ᠳᠦ ᠱᠠᠩᠨᠠᠯ ᠬᠦᠬᠢᠭᠦᠯᠦᠯ ᠲᠣᠰᠪᠠ᠃ ᠲᠡᠷᠡ ᠣᠳᠣ ᠤᠯᠠᠭᠠᠨᠬᠠᠳᠠ ᠬᠣᠲᠠ ᠶᠢᠨ ᠬᠥᠬᠡ ᠬᠠᠳᠠᠭ ᠤᠷᠠᠯᠢᠭ ᠤᠨ ᠪᠦᠯᠬᠦᠮ ᠳᠦ ᠭᠣᠣᠯᠯᠠᠭᠴᠢ ᠳᠠᠭᠤᠴᠢᠨ ᠢᠶᠠᠷ ᠠᠵᠢᠯᠯᠠᠵᠤ ᠪᠣᠢ᠃

ᠨᠣᠮᠢᠨ᠂ ᠡᠮᠡᠭᠲᠡᠢ᠂ ᠮᠣᠩᠭᠣᠯ ᠦᠨᠳᠦᠰᠦᠲᠡᠨ᠂ ᠬᠡᠰᠢᠭᠲᠡᠨ ᠬᠣᠰᠢᠭᠤᠨ ᠤ ᠪᠠᠶᠠᠨᠴᠠᠭᠠᠨ ᠰᠤᠮᠤ ᠪᠠᠷ ᠨᠤᠲᠤᠭ ᠲᠠᠢ᠃ ᠳᠠᠯᠠᠢ ᠨᠠᠭᠤᠷ ᠤᠨ ᠴᠠᠯᠭᠢᠶᠠᠨ᠂ ᠳᠠᠷᠬᠠᠨ ᠠᠭᠤᠯᠠ ᠶᠢᠨ ᠱᠤᠤᠭᠢᠶᠠᠨ᠂ ᠤᠷᠠᠯᠢᠭ ᠲᠤ ᠪᠠᠬᠠᠲᠠᠢ ᠲᠡᠭᠦᠨ ᠳᠦ ᠤᠷ᠎ᠠ ᠠᠪᠢᠶᠠᠰ ᠬᠠᠶᠢᠷᠠᠯᠠᠵᠤ᠂ 2000 ᠣᠨ ᠳᠤ ᠤᠯᠠᠭᠠᠨᠬᠠᠳᠠ ᠬᠣᠲᠠ ᠶᠢᠨ ᠦᠨᠳᠦᠰᠦᠲᠡᠨ ᠦ ᠳᠠᠭᠤᠤ ᠪᠥᠵᠢᠭ ᠦᠨ ᠪᠦᠯᠬᠦᠮ ᠳᠦ ᠭᠣᠣᠯᠯᠠᠭᠴᠢ ᠳᠠᠭᠤᠴᠢᠨ ᠢᠶᠠᠷ ᠠᠵᠢᠯ ᠤᠨ ᠭᠠᠷᠤᠭ᠎ᠠ ᠠᠪᠤᠪᠠ᠃ ᠲᠡᠷᠡ ᠣᠯᠠᠨ ᠤᠳᠠᠭᠠᠨ ᠤ ᠲᠧᠯᠸᠢᠰ ᠦᠳᠡᠰᠢᠯᠡᠭᠡ ᠪᠠ ᠳᠠᠭᠤᠤ ᠶᠢᠨ ᠮᠥᠷᠥᠶᠢᠴᠡᠭᠡᠨ ᠦ ᠱᠠᠩᠨᠠᠯ ᠬᠦᠬᠢᠭᠦᠯᠦᠯ ᠲᠣᠰᠴᠤ ᠶᠠᠪᠤᠪᠠ᠃ ᠣᠳᠣ ᠤᠯᠠᠭᠠᠨᠬᠠᠳᠠ ᠬᠣᠲᠠ ᠶᠢᠨ ᠬᠥᠬᠡ ᠬᠠᠳᠠᠭ ᠤᠷᠠᠯᠢᠭ ᠤᠨ ᠪᠦᠯᠬᠦᠮ ᠳᠦ ᠭᠣᠣᠯᠯᠠᠭᠴᠢ ᠳᠠᠭᠤᠴᠢᠨ ᠢᠶᠠᠷ ᠠᠵᠢᠯᠯᠠᠵᠤ ᠪᠤᠢ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ