ᠵᠠᠯᠠᠭᠤ ᠤᠷᠠᠨ ᠪᠦᠲᠦᠭᠡᠯᠴᠢ᠂ ᠨᠡᠷᠡᠲᠦ ᠬᠦᠭᠵᠢᠮ ‍ᠤᠨ ᠵᠤᠬᠢᠶᠠᠯᠴᠢ᠂ ᠬᠥᠭᠡᠮᠡᠶᠢᠴᠢ ᠪᠠᠶᠠᠨ

ᠤᠩᠰᠢᠭᠰᠠᠨ ᠤᠳᠠᠭ᠎ᠠ ᠄ 988    ᠨᠡᠶᠢᠳᠡᠯᠡᠭᠰᠡᠨ ᠴᠠᠭ ᠄ 2016-10-17

ᠪᠠᠶᠠᠨ᠂ ᠦᠪᠦᠷ ᠮᠤᠩᠭᠤᠯ ‍ᠤᠨ ᠠᠯᠠᠱᠠ ᠠᠶᠢᠮᠠᠭ ᠢᠶᠠᠷ ᠨᠤᠲᠤᠭ ᠲᠠᠢ ᠵᠠᠯᠠᠭᠤ ᠤᠷᠠᠨ ᠪᠦᠲᠦᠭᠡᠯᠴᠢ᠂ ᠨᠡᠷᠡᠲᠦ ᠬᠦᠭᠵᠢᠮ ‍ᠤᠨ ᠵᠤᠬᠢᠶᠠᠯᠴᠢ᠂ ᠬᠥᠭᠡᠮᠡᠶᠢᠴᠢ᠂ ᠳᠠᠭᠤᠤ ᠬᠥᠭᠵᠢᠮ ᠰᠢᠩᠭᠡᠭᠡᠨ ᠦᠢᠯᠡᠳᠦᠭᠴᠢ᠃ ᠮᠣᠩᠭᠣᠯ ᠤᠯᠤᠰ ᠤᠨ ᠬᠥᠭᠵᠢᠮ ᠦᠨ ᠵᠣᠬᠢᠶᠠᠯᠴᠢ᠂ ᠢᠷᠠᠭᠤ ᠨᠠᠶᠢᠷᠠᠭᠴᠢᠳ ᠤᠨ ᠬᠣᠯᠪᠣᠭᠠᠨ ᠤ ᠭᠡᠰᠢᠭᠦᠨ᠂ ᠦᠪᠦᠷ ᠮᠤᠩᠭᠤᠯ ‍ᠤᠨ ᠵᠤᠬᠢᠶᠠᠯ ‍ᠤᠨ ᠳᠠᠭᠤᠤ᠂ ᠷᠤᠺ ᠳᠠᠭᠤᠤ ᠬᠦᠭᠵᠢᠮ ‍ᠤᠨ ᠰᠠᠭᠤᠷᠢᠯᠠᠭᠴᠢ᠂《 ᠪᠠᠶᠠᠨ ᠠᠶᠠᠯᠭᠤᠨ 》ᠳᠠᠭᠤᠤ ᠬᠦᠭᠵᠢᠮ ‍ᠤᠨ ᠠᠵᠢᠯᠯᠠᠬᠤ ᠦᠷᠦᠭᠡ ᠶ᠋ᠢᠨ ᠡᠭᠦᠰᠭᠡᠨ ᠪᠠᠶᠢᠭᠤᠯᠤᠭᠴᠢ᠃

1994 ᠣᠨ ᠠᠴᠠ ᠨᠠᠰᠢ ᠳᠠᠭᠤᠤ ᠬᠥᠭᠵᠢᠮ ᠤᠷᠠᠯᠢᠭ ‍ᠤᠨ ᠦᠢᠯᠡᠰ ᠲᠤ ᠥᠪᠡᠷ ᠦᠨ ᠭᠡᠰᠡᠨ ᠬᠤᠪᠢ ᠨᠡᠮᠡᠷᠢ᠂ ᠬᠦᠴᠦᠨ ᠵᠢᠳᠬᠦᠯ ᠢᠶᠡᠨ ᠦᠵᠡᠭᠦᠯᠵᠦ᠂ ᠳᠠᠭᠤᠤ ᠬᠥᠭᠵᠢᠮ ᠨᠠᠶᠢᠷᠠᠭᠤᠯᠬᠤ᠂ ᠰᠢᠩᠭᠡᠭᠡᠨ ᠦᠢᠯᠡᠳᠬᠦ᠂ ᠵᠣᠬᠢᠶᠠᠨ ᠪᠦᠲᠦᠭᠡᠬᠦ ᠲᠠᠯ᠎ᠠ ᠪᠠᠷ ᠠᠮᠵᠢᠯᠲᠠ ᠲᠠᠢ ᠶᠠᠪᠤᠭᠰᠠᠭᠠᠷ ᠁

1998 ᠣᠨ ᠳ᠋ᠤ ᠥᠪᠥᠷ ᠮᠣᠩᠭᠣᠯ ‍ᠤᠨ ᠬᠠᠮᠤᠭ ‍ᠤᠨ ᠠᠩᠬᠠᠨ ‍ᠤ ᠷᠣᠺ ᠬᠠᠮᠲᠤᠯᠢᠭ《 ᠬᠥᠬᠡ ᠬᠡᠭᠡᠷ᠎ᠡ ᠬᠠᠮᠲᠤᠯᠢᠭ 》 ‍ᠢ ᠡᠭᠦᠰᠭᠡᠨ ᠪᠠᠶᠢᠭᠤᠯᠪᠠ᠃

2004 ᠣᠨ ᠳ᠋ᠤ ᠪᠡᠭᠡᠵᠢᠩ ‍ᠤᠨ《 ᠬᠠᠶᠠ ᠬᠠᠮᠲᠤᠯᠢᠭ 》ᠲᠤ ᠣᠷᠣᠵᠤ᠂ ᠬᠥᠭᠡᠮᠡᠶᠢᠴᠢᠨ ᠢᠶᠡᠷ ᠠᠵᠢᠯᠯᠠᠪᠠ᠃

2008 ᠣᠨ ᠳ᠋ᠤ《 ᠪᠠᠶᠠᠨ ᠠᠶᠠᠯᠭᠤᠨ 》ᠳᠠᠭᠤᠤ ᠬᠥᠭᠵᠢᠮ ‍ᠤᠨ ᠠᠵᠢᠯᠯᠠᠬᠤ ᠥᠷᠥᠭᠡ ᠪᠠᠨ ᠪᠠᠶᠢᠭᠤᠯᠪᠠ᠃

2009 ᠣᠨ᠂ 2011 ᠣᠨ ᠳ᠋ᠤ ᠬᠤᠪᠢ ᠬᠥᠮᠥᠨ ‍ᠤ ᠲᠤᠰᠬᠠᠢ ᠴᠣᠮᠣᠭ ᠢᠶᠡᠨ ᠳᠠᠷᠠᠭ᠎ᠠ ᠳᠠᠷᠠᠭ᠎ᠠ ᠪᠠᠷ ᠨᠡᠶᠢᠲᠡᠯᠡᠨ ᠲᠠᠷᠬᠠᠭᠠᠪᠠ᠃

2013 ᠣᠨ ᠳ᠋ᠤ ᠲᠡᠭᠦᠨ ‍ᠤ ᠠᠶ᠎ᠠ᠂ ᠴᠣᠭᠵᠢᠯᠲᠤ ᠶ᠋ᠢᠨ ᠦᠭᠡ᠂ ᠮᠥᠩᠭᠥᠴᠡᠴᠡᠭ ‍ᠤᠨ ᠬᠣᠭᠣᠯᠠᠢ ᠪᠠᠷ ᠳᠠᠭᠤᠯᠠᠭᠳᠠᠭᠰᠠᠨ 《 ᠮᠣᠩᠭᠣᠯ ᠢᠶᠠᠷ ᠢᠶᠡᠨ ᠪᠠᠶᠢᠭᠠᠰᠠᠢ 》ᠳᠠᠭᠤᠤ ᠨᠢ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ 《 ᠲᠠᠪᠤ᠋ ᠨᠢᠭᠡ ᠢᠨᠵᠸᠨ᠋ᠸᠷᠢᠩ 》 ‍ᠤᠨ ᠱᠠᠩᠨᠠᠯ ‍ᠢ ᠬᠦᠷᠲᠡᠪᠡ᠃

2014 ᠣᠨ ᠳ᠋ᠤ ᠥᠪᠥᠷ ᠮᠣᠩᠭᠣᠯ ‍ᠤᠨ ᠮᠣᠩᠭᠣᠯ ᠣᠳᠣᠨ ᠲᠸᠯᠸᠢᠰ ‍ᠤᠨ《 ᠠᠪᠢᠶᠠᠰᠯᠢᠭ ᠮᠣᠩᠭᠣᠯ 》ᠴᠠᠭᠠᠨ ᠰᠠᠷ᠎ᠠ ᠶ᠋ᠢᠨ ᠦᠳᠡᠰᠢᠯᠡᠭᠡ ᠶ᠋ᠢᠨ ᠭᠣᠣᠯ ᠨᠠᠶᠢᠷᠠᠭᠤᠯᠤᠭᠴᠢ ᠪᠠᠷ ᠠᠵᠢᠯᠯᠠᠪᠠ᠃


ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ