ᠵᠠᠯᠠᠭᠤ ᠲᠠᠭᠤᠴᠢᠨ ᠲᠤᠭᠳᠠᠬᠤ

ᠤᠩᠰᠢᠭᠰᠠᠨ ᠤᠳᠠᠭ᠎ᠠ ᠄ 895    ᠨᠡᠶᠢᠳᠡᠯᠡᠭᠰᠡᠨ ᠴᠠᠭ ᠄ 2016-10-17

ᠵᠠᠯᠠᠭᠤ ᠲᠠᠭᠤᠴᠢᠨ ᠲᠤᠭᠳᠠᠬᠤ ᠵᠡᠭᠦᠨ ᠦᠵᠦᠮᠦᠴᠢᠨ ᠬᠤᠰᠢᠭᠤᠨ  ᠤ ᠡᠷᠢᠶᠡᠠᠭᠤᠪᠢ ᠰᠤᠮᠤᠨ  ᠤ ᠡᠷᠢᠶᠡᠠᠭᠤᠪᠢ ᠭᠠᠴᠠᠭ᠎ᠠ ᠪᠠᠷ ᠨᠤᠳᠤᠭ ᠲᠠᠢ᠃ ᠦᠷᠭᠡᠨ ᠠᠭᠤᠳᠠᠮ ᠲᠠᠯ᠎ᠠ᠂ ᠦᠳᠬᠡᠨ ᠰᠦᠷᠦᠭ ‍ᠤᠨ  ᠪᠡᠯᠴᠢᠭᠡᠷ ᠲᠦ ᠲᠠᠪᠠᠳᠠᠢ ᠦᠰᠦᠭᠰᠡᠨ ᠲᠠᠷᠡ ᠮᠢᠨᠢ ᠲᠠᠭᠤᠤ ᠤᠷᠠᠯᠢᠭ ᠤᠨ ᠠᠶᠠᠨ ᠳ᠋ᠤ ᠭᠠᠨᠵᠤᠭ᠎ᠠ ᠲᠦᠭᠦᠷᠡᠩ ᠶᠠᠪᠤᠵᠦ ᠪᠠᠶᠢᠨ᠎ᠠ᠃

2002 ᠣᠨ ᠳᠤ ᠦᠪᠦᠷ ᠮᠣᠩᠭᠣᠯ ᠤᠨ ᠶᠡᠬᠡ ᠰᠤᠷᠭᠠᠭᠤᠯᠢ ᠶ᠋ᠢᠨ ᠤᠷᠠᠯᠢᠭ ᠤᠨ ᠲᠡᠭᠡᠳᠦ ᠰᠤᠷᠭᠠᠭᠤᠯᠢ ᠳᠤ ᠮᠤᠷᠢᠨ ᠬᠤᠭᠤᠷ ᠤᠨ ᠮᠡᠷᠭᠡᠵᠢᠯ ᠢᠶᠠᠷ ᠰᠢᠯᠭᠠᠨ ᠤᠷᠤᠵᠦ᠂ 2005 ᠣᠨ ᠳᠤ ᠠᠮᠵᠢᠯᠳᠠ ᠲᠠᠢ ᠪᠠᠷ ᠰᠤᠷᠤᠯᠭ᠎ᠠ ᠲᠡᠭᠦᠰᠴᠦ᠂ ᠤᠷᠠᠯᠢᠭ ᠤᠨ ᠭᠠᠷᠤᠭ᠎ᠠ ᠪᠠᠨ ᠡᠬᠢᠯᠡᠭᠦᠯᠪᠡ᠃ 2008 ᠣᠨ ᠳᠤ ᠮᠤᠩᠭᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳᠤ ᠤᠷᠳᠦ ᠶ᠋ᠢᠨ ᠲᠠᠭᠤᠤ ᠲᠠᠭᠤᠯᠠᠭᠴᠢ ᠶ᠋ᠢᠨ ᠮᠡᠷᠭᠡᠵᠢᠯ ᠢᠶᠠᠷ ᠠᠮᠵᠢᠯᠳᠠ ᠲᠠᠢ ᠰᠢᠯᠭᠠᠨ ᠤᠷᠤᠵᠦ᠂ 2012 ᠣᠨ ᠳᠤ ᠤᠷᠳᠦ ᠶ᠋ᠢᠨ ᠲᠠᠭᠤᠤ ᠲᠠᠭᠤᠯᠠᠬᠤ᠂ ᠵᠢᠭᠠᠬᠤ ᠮᠡᠷᠭᠡᠵᠢᠯ ᠢᠶᠠᠷ ᠠᠮᠵᠢᠯᠳᠠ ᠲᠠᠢ ᠰᠤᠷᠤᠯᠭ᠎ᠠ ᠲᠡᠭᠦᠰᠴᠦ᠂ ᠰᠤᠶᠤᠯ ᠤᠷᠠᠯᠢᠭ ᠤᠨ ᠶᠡᠬᠡ ᠰᠤᠷᠭᠠᠭᠤᠯᠢ ᠲᠡᠭᠦᠰᠭᠦ ᠲᠤᠭᠯᠠᠯᠳᠠ ᠪᠠᠨ ᠬᠢᠵᠡᠢ᠃ 2012 ᠠᠴᠠ 2014 ᠣᠨ ᠳᠤ ᠤᠷᠲᠦ ᠶ᠋ᠢᠨ ᠲᠠᠭᠤᠤ ᠰᠤᠳᠤᠯᠬᠤ ᠴᠢᠭᠯᠡᠯ ᠢᠶᠡᠷ《 ᠦᠵᠦᠮᠦᠴᠢᠨ ᠪᠠᠶᠢᠯᠠ ᠶ᠋ᠢᠨ ᠬᠤᠰᠢᠭᠤᠨ ᠤ ᠲᠦᠷᠦ ᠶ᠋ᠢᠨ ᠲᠠᠪᠤᠨ ᠲᠠᠭᠤᠤ 》ᠬᠡᠭᠦ ᠰᠡᠳᠦᠪ ᠢᠶᠡᠷ ᠮᠠᠬᠢᠰᠲ᠋ᠸᠷ ᠴᠤᠯᠠ ᠬᠠᠮᠠᠭᠠᠯᠠᠵᠦ᠂ ᠮᠤᠩᠭᠤᠯ ᠤᠯᠤᠰ ‍ᠤᠨ ᠮᠤᠷᠢᠨ ᠬᠤᠭᠤᠷ ᠤᠨ ᠴᠢᠭᠤᠯᠠᠯᠭ᠎ᠠ ᠲᠠᠢ ᠮᠠᠬᠢᠰᠲ᠋ᠸᠷ ᠤᠨ ᠲᠠᠶᠢᠯᠠᠨ ᠲᠤᠭᠯᠠᠯᠳᠠ ᠪᠢᠴᠢᠪᠡᠷ ᠦᠨ ᠠᠵᠢᠯ ᠢᠶᠠᠨ ᠬᠠᠮᠳᠤᠳᠬᠠᠨ ᠠᠮᠵᠢᠯᠲᠠ ᠲᠠᠢ ᠬᠢᠭᠰᠡᠨ ᠪᠠᠶᠢᠨ᠎ᠠ᠃ ᠠᠩᠬᠠᠨ ᠤ CD ᠪᠢᠴᠢᠯᠭᠡ《 ᠡᠷᠳᠡᠨᠢ ᠪᠠᠶᠢᠯᠠ ᠶ᠋ᠢᠨ ᠨᠤᠳᠤᠭ》ᠰᠢᠨ᠎ᠡ ᠴᠣᠮᠣᠭ ᠢᠶᠠᠨ ᠬᠡᠪᠯᠡᠭᠦᠯᠪᠡ᠃ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ