ᠠᠮᠢᠳᠤᠷᠠᠯ ᠬᠠᠶᠢᠷ᠎ᠠ ᠳᠡᠭᠡᠷ᠎ᠡ ᠲᠤᠭᠳᠠᠳᠠᠭ ᠡᠴᠠ ᠬᠠᠶᠢᠷ᠎ᠠ ᠶ᠋ᠢᠨ ᠬᠡᠯᠬᠢᠶ᠎ᠡ  ᠪᠡᠨ ᠦᠷᠭᠦᠯᠵᠢᠯᠡᠨ ᠳᠠᠮᠵᠢᠭᠤᠯᠤᠶ᠎ᠠ

ᠤᠩᠰᠢᠭᠰᠠᠨ ᠤᠳᠠᠭ᠎ᠠ ᠄ 1116    ᠨᠡᠶᠢᠳᠡᠯᠡᠭᠰᠡᠨ ᠴᠠᠭ ᠄ 2016-10-15

      ᠠᠮᠢᠳᠤᠷᠠᠯ ᠬᠠᠶᠢᠷ᠎ᠠ ᠳᠡᠭᠡᠷ᠎ᠡ ᠲᠤᠭᠳᠠᠳᠠᠭ ᠡᠴᠠ

      ᠬᠠᠶᠢᠷ᠎ᠠ ᠶ᠋ᠢᠨ ᠬᠡᠯᠬᠢᠶ᠎ᠡ  ᠪᠡᠨ ᠦᠷᠭᠦᠯᠵᠢᠯᠡᠨ ᠳᠠᠮᠵᠢᠭᠤᠯᠤᠶ᠎ᠠ

ᠮᠣᠩᠭᠣᠯ ᠳᠠᠭᠤᠤ ᠰᠣᠶᠣᠯ ᠢᠶᠡᠨ ᠬᠠᠶᠢᠷᠠᠯᠠᠨ ᠪᠠᠬᠠᠷᠬᠠᠵᠤ᠂ ᠰᠡᠳᠬᠢᠯ ᠡᠴᠡ ᠪᠡᠨ ᠰᠢᠲᠦᠵᠦ ᠶᠠᠪᠤᠳᠠᠭ ᠰᠢᠨᠵᠢᠯᠲᠤ ᠪᠠᠭᠰᠢ ᠮᠠᠨᠢ ᠠᠵᠢᠯ ᠳ᠋ᠥ ᠣᠷᠣᠭᠰᠠᠨ ᠳᠦᠴᠢᠨ ᠬᠡᠳᠦᠨ ᠵᠢᠯ  ‍ᠦᠨ ᠲᠤᠷᠰᠢ ᠬᠡᠳᠦᠨ ᠵᠠᠭᠤᠨ ᠳᠠᠭᠤᠤ ᠬᠦ᠋ᠭᠵᠢᠮ ᠦᠨ ᠪᠦᠲᠦᠭᠡᠯ ᠲᠠᠢ ᠪᠠᠶᠢᠵᠤ《 ᠳᠣᠮᠣᠭ 》᠂《 ᠡᠨᠡ ᠰᠠᠶᠢᠬᠠᠨ ᠲᠠᠯ᠎ᠠ 》ᠬᠡᠭᠦ ᠮᠡᠳᠦ ᠶ᠋ᠢᠨ ᠣᠯᠠᠨ ᠰᠠᠶᠢᠬᠠᠨ  ᠪᠦᠲᠦᠭᠡᠯ ᠦ᠋ᠳ ᠨᠢ ᠠᠷᠠᠳ ᠲᠦᠮᠡᠨ ᠤ ᠪᠠᠨ ᠰᠡᠳᠬᠢᠯ ᠳ᠋ᠦ ᠬᠦᠷᠦᠭᠰᠡᠨ  ᠪᠠᠶᠢᠨ᠎ᠠ᠃

ᠡᠳᠦᠭᠡ ᠰᠢᠨᠵᠢᠯᠲᠦ ᠪᠠᠭᠰᠢ ᠮᠠᠨᠢ ᠡᠪᠡᠳᠴᠢᠨ ᠵᠣᠪᠠᠯᠠᠩ ᠤᠨ ᠲᠠᠷᠴᠢᠯᠠᠭᠠᠯ ᠢ ᠠᠮᠰᠠᠵᠤ ᠪᠡᠶ᠎ᠡ ᠮᠠᠬᠠᠪᠤᠳ᠂ ᠣᠶᠣᠨ ᠰᠠᠨᠠᠭ᠎ᠠ᠂ ᠠᠵᠤ ᠠᠮᠢᠳᠤᠷᠠᠯ ᠳ᠋ᠤ ᠨᠢ ᠳᠠᠷᠤᠭᠠᠰᠤ ᠤᠴᠠᠷᠠᠭᠰᠠᠨ ᠡᠴᠡ《 ᠬᠦᠮᠦᠨ ᠤ ᠰᠠᠶᠢᠬᠠᠨ ᠰᠡᠳᠬᠢᠯ ᠳ᠋ᠦ ᠪᠡᠨ 》ᠭᠡᠳᠡᠭᠴᠢᠯᠡᠨ ᠬᠠᠶᠢᠷᠠᠳᠤ ᠪᠠᠭᠰᠢ ᠳ᠋ᠤ ᠪᠠᠨ ᠦᠴᠦᠬᠡᠨ ᠴᠦ ᠭᠡᠰᠡᠨ ᠲᠤᠰᠠ ᠳᠡᠮ ᠪᠣᠯᠣᠶ᠎ᠠ ᠬᠡᠮᠡᠨ《 ᠲᠡᠭᠷᠢ ᠲᠠᠯ᠎ᠠ ᠳᠠᠭᠤᠤ ᠬᠦᠭᠵᠢᠮ  ‍ᠦᠨ ᠰᠦᠯᠵᠢᠶ᠎ᠡ ᠪᠣᠯᠤᠨ ᠲᠡᠭᠷᠢ ᠲᠠᠯ᠎ᠠ ᠭᠡᠷᠡᠯ ᠵᠢᠷᠤᠭ  ‍ᠤᠨ ᠰᠦᠯᠵᠢᠶ᠎ᠡ 》ᠶ᠋ᠢᠨ ᠤᠳᠤᠷᠢᠳᠤᠯᠭ᠎ᠠ ᠡᠴᠡ ᠬᠠᠯᠠᠭᠤᠨ ᠳᠡᠮᠵᠢᠯᠭᠡ ᠪᠡᠨ ᠦᠵᠡᠭᠦᠯᠭᠦ  ᠪᠡᠷ 2016 ᠣᠨ ᠤ 9 ᠰᠠᠷ᠎ᠠ ᠶ᠋ᠢᠨ 27 ᠤ ᠡᠳᠦᠷ ᠪᠦᠬᠦ ᠠᠵᠢᠯᠳᠠᠳ ᠢᠶᠡᠨ ᠤᠷᠢᠶᠠᠯᠠᠨ ᠳᠠᠭᠠᠭᠤᠯᠵᠤ ᠲᠠᠪᠤᠨ ᠮᠢᠩᠭ᠎ᠠ ᠭᠠᠷᠤᠢ ᠲᠦᠭᠦᠷᠢᠭ ᠢᠪᠡᠭᠡᠨ ᠲᠡᠳᠬᠦᠬᠦ ᠬᠠᠨᠳᠢᠪ ᠤᠨ ᠮᠦᠩᠭᠦ ᠴᠤᠭᠯᠠᠭᠤᠯᠤᠨ 9 ᠰᠠᠷ᠎ᠠ ᠶ᠋ᠢᠨ 28 ᠤ ᠡᠳᠦᠷ《 ᠲᠡᠭᠷᠢ ᠲᠠᠯ᠎ᠠ ᠳᠠᠭᠤᠤ ᠬᠦᠭᠵᠢᠮ ᠦᠨ ᠰᠦᠯᠵᠢᠶ᠎ᠡ 》ᠶ᠋ᠢᠨ ᠨᠠᠶᠢᠷᠠᠭᠤᠯᠤᠭᠴᠢ ᠨᠠᠪᠴᠢ᠂ ᠮᠦᠴᠢᠷ ᠬᠣᠶᠠᠷ  ᠪᠡᠭᠡᠵᠢᠩ ᠦᠨ ᠵᠡᠪᠰᠡᠭᠳᠦ ᠴᠠᠭᠳᠠᠭ᠎ᠠ ᠶᠢᠨ ᠡᠮᠨᠡᠯᠭᠡ ᠶ᠋ᠢᠨ ᠬᠣᠷᠢᠶ᠎ᠠ ᠳ᠋ᠤ ᠬᠦᠷᠴᠦ ᠬᠠᠨᠳᠢᠪ ᠤᠨ ᠮᠦᠩᠭᠦ ᠪᠡᠨ ᠰᠢᠨᠵᠢᠯᠲᠦ ᠪᠠᠭᠰᠢ ᠳ᠋ᠤ ᠭᠠᠷᠳᠠᠭᠤᠯᠵᠤ ᠦᠭᠭᠦᠭᠰᠡᠨ ᠪᠠᠶᠢᠨ᠎ᠠ᠃

ᠡᠭᠦᠨ ᠤ ᠳᠠᠭᠠᠤ ᠳ᠋ᠤ ᠮᠣᠩᠭᠣᠯ ᠳᠠᠭᠤᠤ ᠬᠦᠭᠵᠢᠮ ᠢᠶ᠋ᠡᠷ ᠢᠶ᠋ᠡᠷ ᠠᠶᠠᠨ ᠤ ᠭᠠᠨᠵᠤᠭ᠎ᠠ ᠰᠡᠳᠬᠢᠯ ᠦᠨ ᠳᠦᠷᠦᠭᠡ ᠪᠡᠨ ᠮᠢᠯᠢᠶᠠᠵᠤ ᠶᠠᠪᠤᠭᠰᠠᠨ ᠦᠷᠭᠡᠨ ᠣᠯᠠᠨ ᠰᠦᠯᠵᠢᠶᠡᠨ ᠤ ᠨᠠᠶᠢᠵᠠ ᠨᠠᠷ ᠪᠣᠯᠤᠨ ᠮᠣᠩᠭᠣᠯ ᠲᠦᠮᠡᠨ ᠮᠢᠨᠢ ᠦᠨᠳᠦᠰᠦᠲᠡᠨ ᠤ ᠪᠡᠨ ᠬᠦᠨᠳᠦᠳᠬᠡᠯᠲᠦ ᠳᠠᠭᠤᠴᠢᠨ ᠰᠢᠨᠵᠢᠯᠲᠦ ᠪᠠᠭᠰᠢ ᠶ᠋ᠢ ᠢᠪᠡᠭᠡᠨ ᠲᠡᠳᠬᠦᠬᠦ ᠶ᠋ᠢ ᠴᠢᠩ ᠰᠡᠳᠬᠢᠯ ᠡᠴᠡ ᠪᠡᠨ ᠬᠦᠰᠡᠵᠦ ᠪᠠᠶᠢᠨ᠎ᠠ᠃
        

        


            


    ᠬᠠᠶᠢᠷ᠎ᠠ ᠶ᠋ᠢᠨ ᠬᠣᠯᠪᠣᠭ᠎ᠠ᠂ ᠮᠠᠯᠴᠢᠨ ᠳᠤᠷᠠᠰᠬᠠᠯᠲᠤ ᠶ᠋ᠢ ᠲᠤᠰᠠᠯᠠᠨ ᠳᠠᠮᠵᠢᠶ᠎ᠠ
       ᠳᠤᠷᠠᠰᠬᠠᠯᠲᠤ᠂ ᠡᠷᠡᠭᠳᠡᠢ᠂ 35 ᠨᠠᠰᠤᠲᠠᠢ᠂ ᠰᠢᠯᠢ ᠶ᠋ᠢᠨ ᠭᠣᠣᠯ ᠠᠶᠢᠮᠠᠭ ᠤᠨ ᠠᠪᠠᠭ᠎ᠠ ᠬᠤᠰᠢᠭᠤᠨ ᠤ ᠭᠠᠩᠭᠠᠩᠰᠢᠯᠢ ᠭᠠᠴᠠᠭᠠᠨ ᠤ ᠮᠠᠯᠴᠢᠨ᠃ ᠲᠡᠷᠡ ᠨᠤᠲᠤᠭ ᠣᠷᠣᠨ ᠤ ᠪᠠᠨ ᠨᠠᠶᠢᠷ ᠨᠠᠭᠠᠳᠤᠮ᠂ ᠰᠣᠶᠣᠯ ᠵᠢᠭᠤᠯᠴᠢᠯᠠᠯ ᠤᠨ ᠤᠬᠠᠭᠤᠯᠤᠨ ᠰᠤᠷᠲᠠᠯᠴᠢᠯᠠᠬᠤ ᠦᠢᠯᠡ ᠠᠵᠢᠯᠯᠠᠭᠠᠨ ᠳ᠋ᠥ ᠢᠳᠡᠪᠬᠢᠯᠡᠨ ᠣᠷᠣᠯᠴᠠᠨ᠂ ᠠᠳᠤᠭᠤᠨ ᠰᠣᠶᠣᠯ ᠤᠨ ᠭᠠᠯ ᠠᠶᠠᠨ ᠳ᠋ᠥ ᠥᠪᠡᠷ ᠬᠦᠴᠦᠨ ᠵᠢᠳᠬᠦᠯ ᠢᠶ᠋ᠡᠨ ᠨᠡᠮᠡᠷᠢᠯᠡᠨ᠂ ᠨᠤᠲᠤᠭ ᠤᠰᠤᠨ ᠤ ᠪᠠᠨ ᠠᠯᠳᠠᠷ ᠨᠡᠷ᠎ᠡ ᠶ᠋ᠢ ᠡᠷᠭᠦᠵᠦ ᠶᠠᠪᠤᠵᠠᠢ᠃ 2016 ᠣᠨ ᠤ 9 ᠰᠠᠷ᠎ᠠ ᠶ᠋ᠢᠨ 6 ᠤ ᠡᠳᠦᠷ ᠠᠪᠠᠭ᠎ᠠ ᠬᠤᠰᠢᠭᠤᠨ ᠤ ᠨᠠᠶᠢᠷ ᠲᠤ ᠡᠮᠨᠡᠭ ᠰᠤᠷᠭᠠᠬᠤ ᠤᠷᠤᠯᠳᠤᠭᠠᠨ ᠳ᠋ᠤ ᠳᠤᠭᠤᠶᠢᠯᠠᠩ ᠤᠨ ᠢᠶᠡᠨ ᠨᠠᠶᠢᠵᠠ ᠪᠠᠨ ᠬᠠᠮᠵᠢᠨ ᠮᠣᠷᠢ ᠰᠤᠷᠭᠠᠵᠤ ᠥᠭᠴᠦ ᠪᠠᠶᠢᠭᠠᠳ ᠡᠮᠨᠡᠭ ᠮᠣᠷᠢᠨ ᠳ᠋ᠥ ᠢᠰᠬᠦᠯᠦᠭᠦᠯᠵᠦ ᠪᠠᠷᠠᠭᠤᠨ ᠬᠥᠯ ᠢᠶ᠋ᠡᠨ ᠭᠡᠮᠲᠦᠭᠡᠵᠡᠢ᠂ ᠲᠤᠬᠠᠢ ᠴᠠᠭ ᠲᠤᠨᠢ ᠵᠦᠢ ᠵᠣᠬᠢᠰᠲᠠᠢ ᠡᠮᠨᠡᠨ ᠵᠠᠰᠠᠭᠰᠠᠨ ᠦᠭᠡᠢ ᠡᠴᠡ ᠪᠣᠯᠵᠤ ᠰᠢᠷᠬ᠎ᠠ ᠨᠢ ᠬᠦᠨᠳᠦᠷᠡᠨ 《 ᠦᠪᠦᠷ ᠮᠣᠩᠭᠣᠯ ᠤᠨ ᠣᠯᠠᠨ ᠤᠯᠤᠰ ᠤᠨ ᠮᠣᠩᠭᠣᠯ ᠡᠮᠨᠡᠯᠭᠡ ᠶ᠋ᠢᠨ ᠬᠣᠷᠢᠶᠠᠨ ᠤ ᠰᠢᠯᠢ ᠶ᠋ᠢᠨ ᠭᠣᠣᠯ ᠳ᠋ᠠᠬᠢ ᠬᠣᠪᠢᠶᠠᠷᠢ ᠡᠮᠨᠡᠯᠭᠡ ᠶ᠋ᠢᠨ ᠬᠣᠷᠢᠶᠠᠨ 》 ᠳ᠋ᠤ ᠬᠦᠷᠴᠦ ᠡᠮᠨᠡᠭᠦᠯᠵᠦ᠂ 9 ᠰᠠᠷ᠎ᠠ ᠶ᠋ᠢᠨ 27 ᠪᠤᠯᠲᠠᠯ᠎ᠠ ᠡᠳᠦᠷ ᠭᠣᠷᠪᠠᠳᠠᠬᠢ ᠤᠳᠠᠭᠠᠨ ᠤ ᠮᠠᠰᠡ ᠵᠠᠰᠠᠯ ᠬᠢᠯᠭᠡᠵᠦ ᠪᠠᠷᠠᠭᠤᠨ ᠬᠥᠯ ᠤᠨ ᠡᠪᠦᠳᠦᠭ ᠢᠶ᠋ᠡᠷ ᠢᠶ᠋ᠡᠨ ᠲᠠᠭᠠᠷᠢᠭᠤᠯᠤᠭᠰᠠᠨ ᠪᠠᠶᠢᠨ᠎ᠠ᠃

2016 ᠣᠨ ᠤ 9 ᠰᠠᠷ᠎ᠠ ᠶ᠋ᠢᠨ 27 ᠦ ᠡᠳᠦᠷ 《 ᠲᠡᠭᠷᠢ ᠲᠠᠯ᠎ᠠ ᠰᠣᠶᠣᠯ ᠵᠠᠭᠤᠴᠢ ᠶ᠋ᠢᠨ ᠺᠣᠮᠫᠠᠨᠢ 》 ᠨᠢ ᠳᠤᠷᠠᠰᠬᠠᠯᠲᠤ ᠶ᠋ᠢᠨ ᠠᠨᠳᠠ ᠨᠦᠭᠦᠳ᠂ ᠰᠠᠳᠤᠨ ᠲᠦᠷᠦᠯ ᠦᠨ ᠭᠠᠷᠭᠠᠭᠰᠠᠨ 《 ᠬᠠᠨᠳᠢᠪ ᠤᠨ ᠭᠤᠶᠤᠴᠢᠯᠠᠯ 》 ᠤᠨ ᠪᠢᠴᠢᠭ ᠢ ᠸᠢᠴᠠᠲ ᠡᠴᠠ ᠬᠠᠷᠠᠵᠤ᠂ ᠳᠤᠷᠠᠰᠬᠠᠯᠲᠤ ᠶ᠋ᠢᠨ ᠪᠡᠶ᠎ᠡ ᠳ᠋ᠥ ᠲᠣᠬᠢᠶᠠᠯᠳᠤᠭᠰᠠᠨ ᠵᠣᠯ ᠪᠤᠰᠤ ᠤᠴᠠᠷᠠᠯ ᠢ ᠣᠶᠢᠯᠠᠭᠠᠨ 《 ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ 》᠂ 《 ᠲᠡᠭᠷᠢ ᠲᠠᠯ᠎ᠠ ᠭᠡᠷᠡᠯ ᠵᠢᠷᠤᠭ ᠤᠨ ᠰᠦᠯᠵᠢᠶ᠎ᠡ 》 ᠶ᠋ᠢᠨ ᠪᠦᠬᠦ ᠠᠵᠢᠯᠲᠠᠳ ᠢᠶᠡᠨ ᠳᠠᠶᠢᠴᠢᠯᠠᠨ ᠲᠠᠪᠤᠨ ᠮᠢᠩᠭ᠎ᠠ ᠭᠠᠷᠤᠢ ᠲᠦᠭᠦᠷᠢᠭ ᠦᠨ ᠬᠠᠨᠳᠢᠪ ᠤᠨ ᠮᠥᠩᠭᠥ ᠴᠤᠭᠯᠠᠭᠤᠯᠤᠨ 9 ᠰᠠᠷ᠎ᠠ ᠶ᠋ᠢᠨ 28 ᠦ ᠡᠳᠦᠷ ᠳᠤᠷᠠᠰᠬᠠᠯᠲᠤ ᠶ᠋ᠢᠨ ᠭᠡᠷᠭᠡᠢ — ᠣᠳᠣᠨᠰᠣᠶᠣᠯ ᠳ᠋ᠥ ᠸᠢᠴᠠᠲ ᠪᠡᠷ ᠭᠤᠪᠢᠭᠤᠯᠤᠨ ᠥᠭᠴᠡᠢ᠃ 《 ᠲᠡᠭᠷᠢ ᠲᠠᠯ᠎ᠠ ᠰᠣᠶᠣᠯ ᠵᠠᠭᠤᠴᠢ ᠶ᠋ᠢᠨ ᠺᠣᠮᠫᠠᠨᠢ 》 ᠨᠢ ᠡᠶᠢᠮᠦᠷᠬᠦ ᠳᠤᠰᠤᠯ ᠴᠢᠨᠡᠭᠡ ᠬᠦᠴᠦᠨ ᠢᠶ᠋ᠡᠷ ᠢᠶ᠋ᠡᠨ ᠳᠠᠭᠤᠷᠢᠶᠠᠯ ᠦᠵᠡᠭᠦᠯᠦᠨ ᠦᠷᠭᠡᠨ ᠣᠯᠠᠨ ᠮᠣᠩᠭᠣᠯᠴᠤᠳ ᠢᠶᠡᠨ ᠤᠷᠠᠶᠢᠯᠠᠨ᠂ ᠲᠠᠨᠠᠷ ᠤᠨ ᠢᠶᠡᠨ ᠳᠡᠯᠡᠬᠡᠢ ᠰᠢᠭ ᠠᠭᠤᠳᠠᠮ ᠬᠠᠶᠢᠷ᠎ᠠ᠂ ᠳᠠᠯᠠᠢ ᠮᠡᠲᠦ ᠠᠤᠭ᠎ᠠ ᠬᠦᠴᠦᠨ ᠢᠶ᠋ᠡᠷ ᠢᠶ᠋ᠡᠨ ᠬᠦᠨᠳᠦ ᠰᠢᠷᠬ᠎ᠠ ᠳ᠋ᠥ ᠲᠠᠷᠴᠢᠯᠠᠭᠠᠭᠳᠠᠵᠤ ᠪᠠᠶᠢᠭ᠎ᠠ ᠮᠠᠯᠴᠢᠨ ᠳᠤᠷᠠᠰᠬᠠᠯᠲᠤ ᠪᠠᠨ ᠢᠪᠡᠭᠡᠨ ᠲᠡᠳᠭᠦᠭᠡᠷᠡᠢ ᠬᠡᠮᠡᠨ ᠬᠦᠰᠡᠨ ᠨᠠᠶᠢᠳᠠᠵᠤ ᠪᠠᠶᠢᠨ᠎ᠠ᠃


ᠣᠳᠣᠨᠰᠣᠶᠣᠯ ᠤᠨ ᠬᠠᠷᠢᠯᠴᠠᠬᠤ ᠤᠲᠠᠰᠤ ᠄  15847941837    
                                                     13654792280

ᠳᠤᠷᠠᠰᠬᠠᠯᠲᠤ ᠶ᠋ᠢᠨ ᠢᠲᠡᠭᠡᠮᠵᠢ ᠶ᠋ᠢᠨ ᠬᠣᠷᠰᠢᠶ᠎ᠠ ᠶ᠋ᠢᠨ

ᠺᠠᠷᠲ ‍ᠤᠨ  ᠳ᠋ᠤᠭᠠᠷ ᠄  6229760560100247040
《 ᠳᠤᠰᠤᠯ ᠢ ᠬᠤᠷᠢᠶᠠᠪᠠᠯ ᠳᠠᠯᠠᠢ ᠪᠣᠯᠳᠠᠭ 》ᠥᠲᠡᠭᠦᠳ ᠦᠨ ᠰᠤᠷᠭᠠᠯ ᠦᠨᠡᠨ ᠪᠣᠶᠤ᠃ ᠬᠠᠶᠢᠷ᠎ᠠ ᠪᠡᠷ ᠣᠷᠴᠢᠬᠤ ᠡᠨᠡ ᠬᠤᠷᠸ᠎ᠠ ᠶ᠋ᠢᠨ ᠠᠮᠢᠳᠤᠷᠠᠯ ᠳ᠋ᠥ ᠨᠢᠭᠡ ᠨᠢᠭᠡᠨ ᠢᠶ᠋ᠡᠨ ᠲᠦᠰᠢᠵᠦ ᠲᠤᠯᠵᠤ᠂ ᠥᠯᠥᠰᠬᠦ ᠶ᠋ᠢᠨ ᠴᠠᠭ ᠲᠦ ᠬᠣᠭᠣᠯᠠ᠂ ᠡᠪᠡᠳᠬᠦ ᠶ᠋ᠢᠨ ᠴᠠᠭ ᠲᠤ ᠡᠮ ᠪᠣᠯᠬᠤ ᠰᠢᠳᠡᠲᠦ ᠵᠦᠢᠯ ᠢᠶ᠋ᠡᠷ ᠪᠡᠶ᠎ᠡ ᠪᠡᠶᠡᠨ ᠢᠶ᠋ᠡᠨ ᠬᠠᠯᠠᠮᠵᠢᠯᠠᠶ᠎ᠠ᠂ ᠣᠯᠠᠭᠤᠯᠠ ᠪᠠᠨ ᠬᠠᠶᠢᠷ᠎ᠠ ᠶ᠋ᠢᠨ ᠬᠠᠨᠳᠢᠪ ᠡᠷᠭᠦᠵᠦ ᠡᠪᠡᠳᠴᠢᠨ ᠵᠣᠪᠠᠯᠠᠩ ᠳ᠋ᠥ ᠤᠴᠠᠷᠠᠭᠰᠠᠳ ᠲᠤ ᠦᠴᠦᠬᠡᠨ ᠴᠦ ᠠᠳᠤᠭᠠᠢ ᠬᠠᠯᠠᠭᠤᠨ ᠭᠠᠷ ᠢᠶᠠᠷ ᠰᠤᠩᠭᠠᠭᠠᠬᠤ ᠶᠤᠮ ᠪᠣᠯ ᠡᠬᠡ ᠳᠡᠯᠡᠬᠡᠢ ᠮᠠᠨᠢ ᠡᠪ ᠦᠨ ᠳᠤᠯᠠᠭᠠᠨ ᠨᠢᠭᠡ ᠭᠡᠷ ᠪᠤᠯᠠᠬᠤ ᠪᠦᠯᠦᠭᠡ᠃ ᠬᠠᠷᠢᠭᠤ ᠨᠡᠬᠡᠭᠡ ᠦᠭᠡᠢ ᠪᠤᠶᠠᠨ ᠤ ᠦᠢᠯᠡᠰ ᠬᠠᠮᠤᠭ ᠦᠨᠡᠲᠡᠢ ᠭᠡᠳᠡᠭᠴᠢᠯᠡᠨ ᠲᠠᠨ ᠤ ᠲᠤᠰᠠ ᠬᠦᠷᠭᠡᠭᠰᠡᠨ ᠠᠴᠢ ᠳ᠋ᠥ ᠬᠠᠮᠤᠭ ᠠᠮᠢᠲᠠᠨ ᠪᠠᠶᠠᠰᠤᠨ ᠵᠢᠷᠭᠠᠵᠤ᠂ ᠲᠡᠭᠦᠪᠡᠷ ᠢᠶ᠋ᠡᠨ ᠳᠠᠬᠢᠭᠠᠳ ᠲᠠᠨ ᠳ᠋ᠥ ᠠᠵᠠ ᠵᠢᠷᠭᠠᠯ᠂ ᠠᠯᠢᠪᠠ ᠰᠠᠶᠢᠨ ᠰᠠᠶᠢᠬᠠᠨ ᠪᠦᠬᠦᠨ ᠢ ᠠᠪᠴᠢᠷᠠᠬᠤ ᠶᠣᠮ ᠰᠢᠦ᠃ᠢᠷᠡᠯᠳᠡ᠄ ᠲᠡᠭᠷᠢ ᠲᠠᠯ᠎ᠠ ᠳᠠᠭᠤᠤ ᠶᠢᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠰᠤᠷᠭᠠᠯᠲᠤ