ᠡᠷᠡᠭᠲᠡᠶᠢᠴᠦᠳ ᠵᠠᠯᠠᠭᠤ ᠲᠦᠷᠬᠦ ᠪᠠᠨ ᠬᠡᠷᠭᠢᠨ ᠬᠠᠳᠠᠭᠠᠯᠠᠬᠤ ᠪᠤᠢ

ᠤᠩᠰᠢᠭᠰᠠᠨ ᠤᠳᠠᠭ᠎ᠠ ᠄ 1149    ᠨᠡᠶᠢᠳᠡᠯᠡᠭᠰᠡᠨ ᠴᠠᠭ ᠄ 2016-10-13

ᠡᠷᠡᠭᠲᠠᠢᠴᠤᠳ ᠠᠵᠢᠯ ᠦᠢᠯᠡᠰ ᠤᠨ ᠢᠶᠡᠨ ᠲᠦᠯᠦᠭᠡ ᠦᠯᠦᠰᠴᠦ ᠤᠮᠳᠠᠭᠠᠰᠬᠤ ᠶᠠᠲᠠᠷᠠᠵᠦ ᠲᠤᠢᠯᠳᠠᠬᠤ ᠶ᠋ᠢ ᠦᠯᠦ ᠬᠠᠢᠬᠤᠷᠤᠨ ᠮᠡᠷᠡᠢᠨ ᠴᠢᠷᠮᠠᠢᠵᠦ᠂ ᠠᠮᠵᠢᠯᠲᠠ ᠶ᠋ᠢᠨ ᠬᠣᠶᠢᠨ᠎ᠠ ᠡᠴᠠ ᠮᠤᠬᠤᠰᠢ ᠦᠭᠡᠢ ᠵᠢᠳᠬᠦᠳᠡᠭ᠂ ᠬᠡᠪᠡᠴᠦ ᠡᠨᠡᠬᠦ ᠴᠢᠷᠮᠠᠢᠯᠭ᠎ᠠ ᠨᠢ ᠶᠡᠷᠦᠳᠡᠭᠡᠨ ᠡᠷᠡᠭᠦᠯ ᠡᠩᠭᠡ ᠶ᠋ᠢᠨ ᠵᠤᠯᠢᠭ᠎ᠠ ᠪᠤᠯᠵᠦ᠂ ᠦᠳᠡᠯᠬᠦ ᠨᠢ ᠠᠶᠠᠨᠳᠠᠭᠠᠨ ᠤ ᠵᠠᠶᠢᠯᠠᠰᠢ ᠦᠭᠡᠢ ᠪᠤᠳᠠᠳᠦ ᠭᠡᠷᠡᠭ ᠪᠣᠯᠳᠠᠭ ᠡᠷᠡᠭᠦᠯ ᠡᠩᠭᠡ᠂ ᠭᠡᠨ ᠳ᠋ᠤ ᠴᠤ᠂ ᠬᠡᠵᠢᠶ᠎ᠡ ᠴᠤ ᠠᠪᠴᠦ ᠬᠡᠯᠡᠭᠰᠡᠨ ᠴᠤ ᠴᠢᠬᠤᠯᠠ ᠶᠤᠮ᠃ ᠦᠨᠡᠨᠳᠡᠭᠡᠨ ᠡᠷᠡᠭᠲᠠᠢᠴᠤᠳ ᠵᠠᠯᠠᠭᠤ ᠭᠠᠯᠪᠢᠷ ᠲᠦᠷᠬᠦ ᠪᠠᠨ ᠬᠠᠳᠠᠭᠠᠯᠠᠬᠤ ᠭᠡᠪᠡᠯ ᠵᠦᠪᠬᠡᠨ ᠠᠮᠢᠳᠤᠷᠠᠯ ᠤᠨ ᠬᠡᠳᠦᠨ ᠵᠢᠵᠢᠭ ᠰᠠᠵᠢᠭ ᠤᠴᠢᠷ ᠢ ᠠᠩᠬᠷᠴᠤ᠂  ᠰᠠᠶᠢᠨ ᠲᠠᠳᠬᠠᠯ ᠢ ᠬᠦᠮᠦᠵᠢᠭᠦᠯᠪᠡᠯ ᠪᠤᠯᠴᠢᠬᠠᠨ᠎ᠠ᠃      

1.ᠰᠠᠬᠠᠯ ᠤᠨ ᠬᠢᠳᠤᠭ᠎ᠠ ᠶ᠋ᠢ ᠦᠷᠭᠦᠯᠵᠢ ᠬᠡᠷᠡᠭᠯᠡᠪᠡᠯ 5 ᠨᠠᠰᠦ ᠬᠠᠭᠠᠰ ᠵᠠᠯᠠᠭᠤᠵᠢᠨ᠎ᠠ      

ᠠᠩᠭᠯᠢ ᠶ᠋ᠢᠨ ᠨᠢᠭᠡᠨ ᠰᠤᠳᠤᠯᠭᠠᠨ ᠡᠴᠠ ᠮᠡᠳᠡᠭᠰᠡᠨ ᠨᠢ᠂ ᠰᠠᠬᠠᠯ ᠢᠶᠡᠨ ᠬᠤᠰᠤᠭᠰᠠᠨ ᠡᠷᠡᠭᠲᠠᠢ ᠶ᠋ᠢ ᠰᠠᠬᠠᠯ ᠦᠯᠡᠳᠡᠭᠡᠭᠰᠡᠨ ᠡᠷᠡᠭᠲᠠᠢ ᠲᠠᠢ ᠠᠳᠠᠯᠢᠳᠬᠠᠪᠠᠯ 5.5 ᠨᠠᠰᠦ ᠵᠠᠯᠠᠭᠤ ᠬᠠᠷᠠᠭᠳᠠᠨ᠎ᠠ᠃ ᠠᠷᠠᠰᠤᠨ ᠤ ᠤᠬᠠᠭᠠᠨ ᠤ ᠲᠤᠰᠬᠠᠢ ᠮᠡᠷᠭᠡᠵᠢᠯᠲᠡᠨ ᠺᠸᠡᠨ᠋ᠽ · ᠪᠢᠯ ᠳ᠋ᠤᠺᠲ᠋ᠤᠷ ᠢᠯᠡᠷᠭᠡᠢᠯᠡᠭᠰᠡᠨ ᠨᠢ᠂ ᠰᠠᠬᠠᠯ ᠢᠶᠡᠨ ᠬᠤᠰᠤᠬᠤ ᠨᠢ ᠬᠠᠴᠠᠷ ᠤᠨ ᠬᠡᠰᠡᠭ ᠤᠨ ᠴᠠᠪᠠᠤ ᠤᠨ ᠤᠭ ᠤᠨ ᠤᠭᠤᠷᠠᠭ ᠪᠤᠢ ᠪᠤᠯᠬᠤ ᠶ᠋ᠢ ᠰᠡᠳᠡᠵᠦ᠂ ᠠᠷᠠᠰᠦ ᠶ᠋ᠢ ᠨᠡᠩ ᠭᠦᠯᠢᠭᠡᠷ ᠰᠠᠶᠢᠬᠠᠨ ᠪᠤᠯᠭᠠᠨ᠎ᠠ᠃      

2. ᠲᠤᠳᠠᠭᠤ ᠢᠳᠡᠵᠦ ᠢᠯᠡᠭᠦᠭᠡᠨ ᠴᠡᠭᠡᠵᠢᠯᠡᠬᠦ      

ᠭᠸᠷᠮᠠᠨ ᠤ ᠰᠤᠳᠤᠯᠭᠠᠳᠠᠨ ᠢᠯᠡᠷᠡᠭᠦᠯᠦᠭᠰᠡᠨ ᠨᠢ᠂ ᠢᠯᠴᠢ ᠶ᠋ᠢᠨ ᠡᠨ᠋ᠸᠷᠬᠢ ᠶ᠋ᠢ ᠲᠤᠳᠠᠭᠤ ᠤᠷᠤᠭᠤᠯᠬᠤ ᠨᠢ ᠦᠷᠪᠢᠰᠦᠯ ᠡᠭᠦᠰᠬᠦ ᠪᠤᠯᠤᠮᠵᠢ ᠶ᠋ᠢ ᠪᠠᠭᠠᠰᠬᠠᠬᠤ ᠳ᠋ᠤ ᠲᠤᠰᠠᠲᠠᠢ ᠪᠠᠶᠢᠵᠤ᠂ ᠦᠷᠪᠢᠰᠦᠯ ᠡᠭᠦᠰᠬᠦ ᠨᠢ ᠬᠠᠷᠢᠨ ᠬᠦᠮᠦᠨ ᠤ ᠮᠡᠳᠡᠷᠡᠯ ᠤᠨ ᠴᠢᠳᠠᠮᠵᠢ ᠶ᠋ᠢ ᠪᠠᠭᠤᠷᠠᠭᠤᠯᠳᠠᠭ᠃ ᠰᠢᠨᠵᠢᠯᠡᠬᠦ ᠤᠬᠠᠭᠠᠨᠳᠠᠨ ᠢᠯᠡᠷᠭᠡᠢᠯᠡᠭᠰᠡᠨ ᠨᠢ᠂ ᠬᠠᠮᠤᠭ ᠰᠠᠶᠢᠨ ᠨᠢ᠂ ᠡᠳᠦᠷ ᠪᠤᠯᠭᠠᠨ ᠤ ᠢᠳᠡᠬᠦ ᠢᠯᠴᠢ ᠶ᠋ᠢᠨ ᠡᠨ᠋ᠸᠷᠬᠢ ᠪᠠᠨ 30% ᠢᠶᠠᠷ ᠪᠠᠭᠠᠰᠬᠠᠨ᠎ᠠ᠂ ᠵᠢᠱᠢᠶᠡᠯᠡᠪᠡᠯ ᠤᠤᠯ ᠨᠢ ᠡᠳᠦᠷ ᠪᠤᠯᠭᠠᠨ 2500 ᠺᠠᠯᠤᠷᠢ ᠪᠠᠶᠢᠭᠰᠠᠨ ᠪᠤᠯ᠂ ᠤᠳᠤ ᠪᠤᠯᠬᠤ ᠳ᠋ᠤ ᠬᠠᠮᠤᠭ ᠰᠠᠶᠢᠨ ᠨᠢ 750 ᠺᠠᠯᠤᠷᠢ ᠪᠠᠭᠠᠰᠬᠠᠨ᠎ᠠ᠃      

3. ᠨᠣᠶᠢᠷ ᠰᠠᠶᠢᠨ ᠪᠤᠯ ᠨᠢᠭᠤᠷ ᠤᠨ ᠭᠡᠰᠡᠭ ᠦᠳᠡᠯᠬᠦ ᠦᠭᠡᠢ      

ᠤᠷᠲᠦ ᠬᠤᠭᠤᠴᠠᠭ᠎ᠠ ᠨᠣᠶᠢᠷ ᠬᠦᠷᠦᠯᠴᠡᠬᠦ ᠦᠭᠡᠢ ᠪᠤᠯ᠂ ᠨᠢᠭᠤᠷ ᠤᠨ ᠬᠡᠰᠡᠭ ᠬᠤᠷᠳᠤᠨ ᠦᠳᠡᠯᠦᠨ᠎ᠡ᠂ ᠤᠴᠢᠷ ᠨᠢ᠂ ᠨᠢᠳᠦᠨ ᠤ ᠡᠷᠭᠢᠨ ᠲᠤᠭᠤᠷᠢᠨ ᠤ ᠪᠤᠯᠴᠢᠩ ᠨᠢ ᠤᠨᠳᠠᠬᠤ ᠦᠶᠡᠰ ᠲᠤ ᠨᠢᠳᠦᠨ ᠴᠡᠴᠡᠭᠡᠢ ᠨᠢ ᠬᠤᠷᠳᠤᠨ ᠡᠷᠭᠢᠯᠳᠦᠳᠡᠭ ᠡᠴᠠ ᠪᠤᠯᠪᠠᠰᠤᠷᠠᠯ ᠬᠢᠵᠦ᠂ ᠬᠠᠷᠢᠨ ᠨᠣᠶᠢᠷ ᠬᠦᠷᠦᠯᠴᠡᠬᠦ ᠦᠭᠡᠢ ᠪᠤᠯ᠂ ᠨᠢᠳᠦᠨ ᠤ ᠡᠷᠭᠢᠨ ᠲᠤᠭᠤᠷᠢᠨ ᠤ ᠪᠤᠯᠴᠢᠩ ᠨᠢ ᠠᠪᠴᠢᠵᠦ ᠬᠠᠷ᠎ᠠ ᠨᠢᠳᠦᠨ ᠤᠬᠤᠷᠬᠠᠢ ᠲᠠᠢ ᠪᠤᠯᠤᠨ᠎ᠠ᠃      

4. ᠦᠷᠭᠦᠯᠵᠢ ᠪᠡᠶ᠎ᠡ ᠪᠤᠯᠪᠠᠰᠤᠷᠠᠪᠠᠯ 10 ᠨᠠᠰᠦ ᠵᠠᠯᠠᠭᠤᠵᠢᠨ᠎ᠠ      

ᠠᠮᠸᠢᠷᠢᠺᠡ ᠶ᠋ᠢᠨ 《 ᠲᠤᠲᠤᠷ ᠰᠠᠯᠠᠭᠠᠨ ᠤ ᠤᠬᠠᠭᠠᠨ ᠤ ᠲᠠᠩᠰᠠ ᠡᠪᠭᠡᠮᠡᠯ》 ᠰᠡᠳᠭᠦᠯ ᠲᠡᠭᠡᠷ᠎ᠡ ᠨᠡᠢᠳᠡᠯᠡᠭᠰᠡᠨ ᠨᠢᠭᠡᠨ ᠰᠢᠨ᠎ᠡ ᠰᠤᠳᠤᠯᠭᠠᠨ ᠳ᠋ᠤ ᠢᠯᠡᠷᠡᠭᠦᠯᠦᠭᠰᠡᠨ ᠨᠢ᠂ ᠭᠠᠷᠠᠭ ᠪᠤᠯᠭᠠᠨ 3 ᠴᠠᠭ ᠵᠤᠬᠢᠬᠤ ᠬᠦᠴᠦᠯᠡᠴᠡ ᠲᠠᠢ ᠪᠤᠯᠪᠠᠰᠤᠷᠠᠯ ᠬᠢᠪᠡᠯ᠂ ᠬᠦᠮᠦᠨ ᠤ ᠪᠡᠶ᠎ᠡ ᠶ᠋ᠢ 10 ᠨᠠᠰᠦ ᠵᠠᠯᠠᠭᠤᠵᠢᠭᠤᠯᠤᠨ᠎ᠠ᠃      

5. ᠶᠡᠭᠡ ᠲᠠᠷᠢᠬᠢ ᠪᠠᠨ ᠪᠤᠯᠪᠠᠰᠤᠷᠠᠭᠤᠯᠪᠠᠯ 15 ᠨᠠᠰᠦ ᠵᠠᠯᠠᠭᠤᠵᠢᠨ᠎ᠠ      

《 ᠲᠠᠷᠢᠬᠢ ᠬᠦᠳᠡᠯᠭᠡᠬᠦ ᠠᠰᠠᠭᠤᠯᠲᠠ》 ᠵᠡᠷᠭᠡ ᠶᠡᠭᠡ ᠲᠠᠷᠢᠬᠢ ᠶ᠋ᠢ ᠪᠤᠯᠪᠠᠰᠤᠷᠠᠭᠤᠯᠬᠤ ᠰᠡᠳᠦᠪ ᠬᠢᠬᠦ ᠨᠢ᠂ 45 ᠨᠠᠰᠤᠲᠠᠢ ᠬᠦᠮᠦᠨ ᠢ 30 ᠨᠠᠰᠤᠲᠠᠢ ᠬᠦᠮᠦᠨ ᠤ ᠶᠡᠭᠡ ᠲᠠᠷᠢᠬᠢᠨ ᠤ ᠢᠳᠡᠪᠬᠢ ᠬᠦᠴᠦᠨ ᠪᠠ ᠴᠡᠭᠡᠵᠢᠯᠡᠬᠦ ᠴᠢᠳᠠᠪᠤᠷᠢ ᠲᠠᠢ ᠪᠤᠯᠭᠠᠨ᠎ᠠ᠃      

6. ᠵᠢᠷᠦᠭᠡᠨ ᠴᠤᠬᠢᠯᠲᠠ ᠤᠳᠠᠭᠠᠨ ᠪᠤᠯ ᠤᠷᠲᠦ ᠨᠠᠰᠦᠯᠠᠨ᠎ᠠ      

ᠵᠠᠯᠠᠭᠤ ᠭᠠᠯᠪᠢᠷ ᠲᠦᠷᠬᠦ ᠪᠠᠨ ᠬᠠᠳᠠᠭᠠᠯᠠᠶ᠎ᠠ ᠭᠡᠪᠡᠯ᠂ ᠡᠷᠬᠡᠪᠰᠢ ᠬᠦᠴᠦᠷᠭᠡᠭ  ᠶᠡᠭᠡ ᠵᠢᠷᠦᠭᠡ ᠶ᠋ᠢ ᠭᠡᠷᠡᠭᠰᠡᠵᠦ᠂ ᠴᠢᠰᠦ ᠶ᠋ᠢ ᠤᠳᠠᠭᠠᠨ ᠮᠦᠷᠳᠡᠭᠡᠨ ᠪᠦᠲᠦᠮᠵᠢᠲᠠᠢ ᠡᠷᠭᠢᠯᠳᠦᠭᠦᠯᠦᠨ᠎ᠡ᠃ ᠬᠦᠮᠦᠨ ᠤ ᠲᠤᠮᠳᠠᠴᠢ ᠠᠮᠢ ᠨᠠᠰᠤᠨ ᠳ᠋ᠤ ᠵᠢᠷᠦᠭᠡ 30 ᠳ᠋ᠦᠩᠰᠢᠭᠤᠷ ᠤᠳᠠᠭ᠎ᠠ ᠴᠤᠬᠢᠯᠠᠵᠦ᠂ ᠬᠡᠷᠪᠡ ᠵᠢᠷᠦᠭᠡᠨ ᠴᠤᠬᠢᠯᠲᠠ ᠶ᠋ᠢᠨ ᠲᠤᠭ᠎ᠠ ᠶ᠋ᠢ ᠤᠳᠠᠭᠠᠰᠢᠷᠠᠭᠤᠯᠪᠠᠯ᠂ ᠨᠠᠰᠤᠨ ᠬᠤᠳᠤᠭ ᠢ ᠤᠷᠲᠤᠳᠬᠠᠵᠦ ᠪᠤᠯᠤᠨ᠎ᠠ᠃      

7. ᠮᠠᠷᠢᠶᠠᠲᠠᠢ ᠪᠤᠯ 10 ᠵᠢᠯ ᠦᠳᠡᠯᠦᠨ᠎ᠡ      

2007 ᠤᠨ ᠳ᠋ᠤ ᠰᠢᠨᠵᠢᠯᠡᠬᠦ ᠤᠬᠠᠭᠠᠨᠳᠠᠳ ᠨᠢᠭᠡᠨ ᠰᠤᠳᠤᠯᠭᠠᠨ ᠡᠴᠠ ᠮᠡᠳᠡᠭᠰᠡᠨ ᠨᠢ᠂ ᠡᠷᠡᠭᠲᠠᠢ ᠬᠦᠮᠦᠨ ᠤ ᠪᠡᠶ᠎ᠡ ᠶ᠋ᠢᠨ ᠴᠢᠨᠠᠷ ᠤᠨ ᠢᠯᠡᠳᠭᠡᠮᠵᠢ ᠲᠤᠭ᠎ᠠ 5 ᠴᠡᠭ ᠦᠰᠬᠦ  ᠪᠤᠯᠭᠠᠨ ᠂ ᠲᠡᠭᠦᠨ ᠤ ᠲᠦᠮᠦᠰᠦ ᠶ᠋ᠢᠨ ᠬᠤᠷᠮᠤᠨ ᠤ ᠲᠦᠪᠰᠢᠨ ᠨᠢ ᠪᠠᠭᠤᠷᠠᠭᠠᠳ 《10 ᠵᠢᠯ ᠦᠳᠡᠯᠦᠭᠰᠡᠨ ᠬᠡᠮᠵᠢᠶ᠎ᠡ 》 ᠳ᠋ᠤ ᠬᠦᠷᠦᠨ᠎ᠡ᠃      

8. ᠠᠮᠠᠨ ᠬᠦᠨᠳᠡᠢ ᠠᠷᠢᠭᠤᠨ ᠴᠡᠪᠡᠷ ᠪᠤᠯ ᠲᠠᠷᠢᠬᠢ ᠨᠡᠩ ᠬᠤᠷᠴᠠᠯᠢᠭ      

ᠠᠩᠭᠯᠢ ᠶ᠋ᠢᠨ ᠨᠢᠭᠡᠨ 6693 ᠨᠡᠷᠡᠰ ᠨᠠᠰᠤᠨ ᠳ᠋ᠤ ᠬᠦᠷᠦᠭᠰᠡᠳ ᠳ᠋ᠤ ᠬᠢᠭᠰᠡᠨ ᠰᠢᠨ᠎ᠡ  ᠰᠤᠳᠤᠯᠭᠠᠨ ᠡᠴᠠ ᠮᠡᠳᠡᠭᠰᠡᠨ ᠨᠢ᠂ ᠰᠢᠳᠦᠨ ᠡᠪᠡᠳᠴᠢᠨ ᠲᠠᠢ ᠬᠦᠮᠦᠰ ᠤᠨ ᠤᠶᠤᠨ ᠤ ᠴᠢᠳᠠᠪᠤᠷᠢ ᠨᠢ ᠰᠢᠳᠦ ᠡᠷᠡᠭᠦᠯ ᠬᠦᠮᠦᠰ ᠡᠴᠠ ᠢᠯᠡᠷᠭᠡᠢ ᠲᠤᠤᠷ᠎ᠠ᠃ ᠡᠭᠦᠨ ᠤ ᠰᠢᠯᠲᠠᠭᠠᠨ ᠨᠢ᠂ ᠪᠣᠶᠢᠯᠠ ᠡᠴᠠ ᠴᠢᠰᠦ ᠭᠠᠷᠬᠤ ᠵᠡᠷᠭᠡ ᠠᠰᠠᠭᠤᠳᠠᠯ ᠨᠢ ᠨᠡᠩ ᠬᠦᠨᠳᠦ ᠨᠤᠴᠢᠲᠠᠢ ᠦᠷᠪᠢᠰᠦᠯ ᠡᠭᠦᠰᠭᠡᠵᠦ᠂ ᠶᠡᠭᠡ ᠲᠠᠷᠢᠬᠢ ᠶ᠋ᠢ ᠭᠡᠮᠳᠦᠭᠡᠨ᠎ᠡ᠃ ᠦᠷᠭᠦᠯᠵᠢ ᠰᠢᠳᠦᠨ ᠤ ᠠᠷᠢᠭᠤᠨ ᠴᠡᠪᠡᠷ ᠢᠶᠡᠨ ᠪᠠᠲᠤᠯᠠᠬᠤ ᠨᠢ ᠶᠡᠭᠡ ᠲᠠᠷᠢᠬᠢ ᠶ᠋ᠢ ᠨᠡᠩ ᠬᠤᠷᠴᠠᠯᠢᠭ ᠪᠤᠯᠭᠠᠨ᠎ᠠ᠃      

9. ᠡᠳᠦᠷ ᠪᠤᠯᠭᠠᠨ ᠨᠢᠭᠡ ᠴᠤᠮᠤ ᠠᠷᠢᠬᠢ ᠤᠤᠭᠤᠪᠠᠯ 85 ᠨᠠᠰᠤᠯᠠᠨ᠎ᠠ      

《 ᠠᠮᠸᠷᠢᠺᠡ ᠶ᠋ᠢᠨ ᠡᠮᠨᠡᠯᠭᠡ ᠶ᠋ᠢᠨ ᠤᠬᠠᠭᠠᠨ ᠤ ᠰᠡᠳᠭᠦᠯ 》 ᠳᠡᠭᠡᠷ᠎ᠡ ᠨᠡᠶᠢᠲᠡᠯᠡᠭᠰᠡᠨ ᠨᠢᠭᠡᠨ 6000 ᠨᠡᠷᠡᠰ ᠡᠪᠡᠳᠴᠢᠳᠡᠨ ᠢ ᠬᠠᠮᠤᠷᠤᠭᠰᠠᠨ ᠰᠢᠨ᠎ᠡ ᠰᠤᠳᠤᠯᠭᠠᠨ ᠡᠴᠠ ᠤᠯᠵᠦ ᠮᠡᠳᠡᠭᠰᠡᠨ ᠨᠢ᠂ ᠡᠳᠦᠷ ᠪᠤᠯᠭᠠᠨ ᠪᠠᠭ᠎ᠠ ᠬᠡᠮᠵᠢᠶᠡᠨ ᠤ ᠠᠷᠢᠬᠢ ᠤᠤᠭᠤᠬᠤ ᠨᠢ ᠨᠠᠰᠤᠨ ᠬᠤᠳᠤᠭ ᠢ ᠤᠷᠳᠤᠳᠬᠠᠭᠠᠳ 85 ᠨᠠᠰᠦ ᠬᠦᠷᠭᠡᠬᠦ ᠪᠤᠯᠤᠯᠴᠠᠭ᠎ᠠ ᠶ᠋ᠢ 97% ᠢᠶᠠᠷ ᠨᠡᠮᠡᠭᠳᠡᠬᠦᠯᠦᠨ᠎ᠡ᠃      

10. ᠤᠨᠳᠠᠬᠤ ᠴᠠᠭ ᠢᠶᠡᠨ 7 ᠡᠴᠠ 8 ᠴᠠᠭ ᠤᠨ ᠬᠤᠭᠤᠷᠤᠨᠳᠦ ᠡᠵᠡᠮᠳᠡᠪᠡᠯ ᠨᠡᠩ ᠤᠷᠲᠦ ᠨᠠᠰᠤᠯᠠᠨ᠎ᠠ      

ᠨᠢᠭᠡᠨ 21268 ᠨᠡᠷᠡᠰ ᠨᠠᠰᠦᠨ ᠳ᠋ᠤ ᠬᠦᠷᠦᠭᠰᠡᠳ ᠲᠤ 22 ᠵᠢᠯ ᠬᠢᠭᠰᠡᠨ ᠰᠢᠨ᠎ᠡ  ᠰᠤᠳᠤᠯᠭᠠᠨ ᠡᠴᠠ ᠤᠯᠵᠦ ᠮᠡᠳᠡᠭᠰᠡᠨ ᠨᠢ᠂ ᠡᠷᠡᠭᠲᠠᠢᠴᠤᠳ ᠤᠷᠤᠢ ᠪᠤᠯᠭᠠᠨ ᠤ ᠤᠨᠳᠠᠬᠤ ᠴᠠᠭ ᠨᠢ 7 ᠴᠠᠭ ᠡᠴᠠ ᠪᠠᠭ᠎ᠠ ᠪᠤᠯ᠂ ᠡᠷᠲᠡ ᠦᠬᠦᠬᠦ ᠲᠦᠭᠰᠢᠭᠦᠷᠢ ᠨᠢ 26% ᠢᠶᠠᠷ ᠨᠡᠮᠡᠭᠳᠡᠨ᠎ᠡ᠂ ᠬᠠᠷᠢᠨ 8 ᠴᠠᠭ ᠡᠴᠠ ᠬᠡᠳᠦᠷᠡᠪᠡᠯ᠂ ᠡᠷᠲᠡ ᠦᠬᠦᠬᠦ ᠲᠦᠭᠰᠢᠭᠦᠷᠢ ᠨᠢ 24% ᠢᠶᠠᠷ ᠨᠡᠮᠡᠭᠳᠡᠨ᠎ᠡ᠃      

11. ᠸᠢᠲ᠋ᠠᠮᠢᠨ A ᠨᠢ ᠨᠢᠳᠦᠨ ᠠᠲᠤᠷᠢᠶ᠎ᠠ ᠶ᠋ᠢ ᠠᠷᠢᠯᠭᠠᠨ᠎ᠠ      

ᠨᠠᠰᠦ ᠨᠡᠮᠡᠭᠳᠡᠬᠦ ᠶ᠋ᠢ ᠲᠠᠭᠠᠯᠳᠤᠨ᠂ ᠡᠰ ᠤᠨ ᠡᠷᠭᠢᠯᠲᠡ ᠶ᠋ᠢᠨ ᠶᠠᠪᠤᠴᠠ ᠨᠢ ᠢᠯᠡᠷᠭᠡᠢ  ᠤᠳᠠᠭᠠᠰᠢᠷᠠᠵᠦ᠂ ᠠᠷᠠᠰᠦ ᠴᠠᠪᠠᠤ ᠶ᠋ᠢᠨ ᠤᠭ ᠤᠨ ᠤᠭᠤᠷᠠᠭ ᠢᠶᠠᠷ ᠲᠤᠲᠠᠨ᠎ᠠ᠃ ᠡᠨᠡ ᠨᠢ ᠬᠦᠮᠦᠨ ᠤ ᠪᠡᠶ᠎ᠡ ᠶ᠋ᠢᠨ ᠠᠷᠠᠰᠤᠨ ᠤ ᠬᠠᠮᠤᠭ ᠤᠨ ᠨᠢᠮᠭᠡᠨ ᠬᠡᠰᠡᠭ᠂ ᠵᠤᠵᠠᠭᠠᠨ ᠨᠢ ᠵᠦᠪᠬᠡᠨ 0.02 ᠮᠢᠯᠢᠮᠸᠲᠷ ᠤᠨ ᠨᠢᠳᠦᠨ ᠬᠡᠰᠡᠭ ᠲᠤ ᠬᠠᠮᠤᠭ ᠢᠯᠡᠷᠭᠡᠢ ᠮᠡᠳᠡᠭᠳᠡᠨ᠎ᠡ᠃ ᠰᠢᠨ᠎ᠡ ᠰᠤᠳᠤᠯᠭᠠᠨ ᠡᠴᠠ  ᠮᠡᠳᠡᠭᠰᠡᠨ ᠨᠢ᠂ ᠸᠢᠲ᠋ᠠᠮᠢᠨ A ᠨᠢ ᠴᠠᠪᠠᠤ ᠶ᠋ᠢᠨ ᠤᠭ ᠤᠨ ᠤᠭᠤᠷᠠᠭ ᠰᠢᠨ᠎ᠡ ᠪᠠᠷ ᠡᠭᠦᠰᠬᠦ ᠳ᠋ᠤ ᠠᠰᠢᠭᠲᠠᠢ ᠪᠠᠢᠵᠦ᠂ ᠠᠲᠤᠷᠢᠶ᠎ᠠ ᠶ᠋ᠢ ᠠᠷᠢᠯᠭᠠᠬᠤ ᠦᠢᠯᠡᠳᠦᠯ ᠢᠶᠠᠷ ᠢᠯᠡᠷᠭᠡᠢ ᠪᠠᠶᠢᠳᠠᠭ᠃      

12. ᠲᠠᠷᠢᠶᠠᠨ ᠠᠵᠢᠯ ᠬᠢᠬᠦ ᠨᠢ ᠤᠷᠲᠦ ᠨᠠᠰᠤᠯᠠᠬᠤ ᠳ᠋ᠤ ᠲᠤᠰᠠᠲᠠᠢ      

ᠠᠮᠸᠷᠢᠺᠡ ᠶ᠋ᠢᠨ ᠲᠤᠰᠬᠠᠢ ᠮᠡᠷᠭᠡᠵᠢᠯᠲᠡᠨ ᠢᠯᠡᠷᠡᠭᠦᠯᠦᠭᠰᠡᠨ ᠨᠢ᠂ ᠲᠠᠷᠢᠶᠠᠴᠢᠨ ᠤ ᠤᠷᠲᠦ ᠨᠠᠰᠤᠯᠠᠬᠤ ᠶ᠋ᠢᠨ ᠨᠤᠷᠮ᠎ᠠ ᠨᠢ ᠬᠤᠲᠠ ᠶ᠋ᠢᠨ ᠰᠠᠭᠤᠭᠠᠯᠢ ᠠᠷᠠᠳ ᠤᠨ ᠬᠤᠶᠠᠷ ᠲᠠᠬᠢᠨ᠃ ᠡᠷᠡᠭᠲᠠᠢᠴᠤᠳ ᠴᠡᠴᠡᠭ ᠠᠷᠠᠴᠢᠯᠠᠬᠤ᠂ ᠡᠪᠡᠰᠦ ᠲᠠᠷᠢᠬᠤ᠂ ᠲᠠᠷᠢᠶᠠᠨ ᠠᠵᠢᠯ ᠬᠢᠬᠦ ᠵᠡᠷᠭᠡ ᠠᠵᠢᠯ ᠢ ᠬᠢᠬᠦ ᠨᠢ ᠲᠡᠳᠡᠨᠠᠷ ᠤᠨ ᠤᠷᠲᠦ ᠨᠠᠰᠤᠯᠠᠬᠤ ᠳ᠋ᠤ ᠠᠰᠢᠭᠲᠠᠢ᠃      

13. ᠦᠷᠭᠡᠰᠦᠲᠦ ᠨᠤᠭᠤᠭ᠎ᠠ ᠶ᠋ᠢ ᠢᠯᠡᠭᠦᠭᠡᠨ ᠢᠳᠡᠬᠦ ᠨᠢ ᠪᠤᠯᠴᠢᠩ ᠭᠠᠷᠬᠤ ᠳ᠋ᠤ ᠲᠤᠰᠠᠲᠠᠢ      

ᠡᠷᠡᠭᠲᠠᠢᠴᠤᠳ ᠶ᠋ᠢᠨ ᠪᠤᠯᠴᠢᠩ ᠬᠦᠭᠵᠢᠪᠡᠯ᠂ ᠦᠵᠡᠬᠦ ᠳ᠋ᠤ ᠨᠡᠩ ᠵᠠᠯᠠᠭᠤ ᠬᠠᠷᠠᠭᠳᠠᠭᠤᠯᠤᠨ᠎ᠠ᠃ ᠦᠷᠭᠡᠰᠦᠲᠦ ᠨᠤᠭᠤᠭ᠎ᠠ ᠢᠳᠡᠬᠦ ᠨᠢ ᠤᠭᠤᠷᠠᠭ ᠤᠨ ᠨᠡᠶᠢᠯᠡᠭᠵᠢᠯ ᠢ ᠠᠭᠢᠭᠤᠯᠵᠦ᠂ ᠪᠤᠯᠴᠢᠩ ᠦᠰᠬᠦ ᠳ᠋ᠤ ᠠᠰᠢᠭ ᠲᠠᠢ᠃ ᠡᠭᠦᠨ ᠡᠴᠠ ᠭᠠᠳᠠᠨ᠎ᠠ᠂ ᠦᠷᠭᠡᠰᠦᠲᠦ ᠨᠤᠭᠤᠭ᠎ᠠ ᠢᠳᠡᠬᠦ ᠨᠢ ᠶᠠᠰᠤᠨ ᠤ ᠰᠡᠶᠢᠷᠡᠭᠵᠢᠯ ᠡᠴᠠ  ᠰᠡᠷᠭᠡᠶᠢᠯᠡᠵᠦ ᠳᠡᠶᠢᠯᠦᠨ᠎ᠡ᠃        

ᠡᠷᠡᠭᠲᠠᠢᠴᠤᠳ ᠤᠨ ᠦᠳᠡᠯᠬᠦ ᠡᠴᠠ ᠰᠡᠷᠭᠡᠢᠯᠡᠬᠦ ᠶ᠋ᠢᠨ 5 ᠵᠠᠩᠭᠢᠯᠠᠭ᠎ᠠ        

1. ᠦᠪᠡᠷ ᠤᠨ ᠪᠡᠶ᠎ᠡ ᠶ᠋ᠢᠨ ᠬᠤᠷᠢᠴᠠᠯ ᠤᠨ ᠴᠢᠳᠠᠪᠬᠢ ᠡᠷᠡᠭᠦᠯ᠂ ᠦᠷᠡᠵᠢᠯ ᠤᠨ ᠴᠢᠳᠠᠪᠤᠷᠢ ᠲᠠᠢ  ᠪᠠᠶᠢᠬᠤ ᠳ᠋ᠤ ᠢᠳᠡᠭᠡᠯ ᠲᠠᠢ ᠪᠠᠶᠢᠪᠠᠯ ᠵᠤᠬᠢᠨ᠎ᠠ᠃ ᠤᠶᠤᠨ ᠰᠠᠨᠠᠭᠠᠨ ᠲᠡᠭᠡᠷ᠎ᠡ ᠪᠠᠨ ᠪᠡᠶ᠎ᠡ ᠳ᠋ᠡᠭᠡᠨ ᠢᠳᠡᠭᠡᠯ ᠲᠠᠢ  ᠪᠠᠶᠢᠬᠤ ᠨᠢ ᠲᠤᠮᠳᠠ ᠨᠠᠰᠤᠨ ᠤ ᠬᠦᠮᠦᠰ ᠲᠤ ᠬᠠᠮᠤᠭ ᠴᠢᠬᠤᠯᠠ ᠪᠠᠶᠢᠳᠠᠭ᠃      

2. ᠭᠠᠳᠠᠷ ᠲᠦᠷᠬᠦ ᠶ᠋ᠢᠨ ᠵᠠᠯᠠᠭᠤ ᠪᠠᠶᠢᠳᠠᠯ ᠢ ᠠᠩᠬᠠᠷᠬᠤ᠃ ᠨᠠᠰᠤᠲᠠᠢᠴᠤᠳ ᠵᠠᠯᠠᠭᠤ ᠬᠦᠮᠦᠰ ᠤᠨ ᠤᠷᠮ᠎ᠡ ᠰᠡᠳᠬᠢᠯᠭᠡ ᠶ᠋ᠢ ᠬᠦᠭᠡᠭᠡᠴᠡᠯᠳᠦᠪᠡᠯ᠂ ᠤᠷᠭᠠᠨᠢᠭ ᠴᠤᠭᠴᠠ ᠵᠠᠯᠠᠭᠤᠵᠢᠨ᠎ᠠ︔ᠡᠰᠡᠷᠭᠦ ᠪᠠᠷ᠂ ᠦᠳᠡᠯᠬᠦ ᠡᠴᠠ ᠡᠮᠢᠶᠡᠨ᠂ 《 ᠦᠳᠡᠯᠦᠴᠢᠭᠡᠵᠠᠢ 》 ᠭᠡᠵᠦ ᠦᠷᠭᠦᠯᠵᠢ ᠰᠠᠨᠠᠭ᠎ᠠ ᠠᠯᠳᠠᠬᠤ ᠨᠢ ᠦᠵᠡᠯ ᠰᠠᠨᠠᠭᠠᠨ ᠲᠡᠭᠡᠷ᠎ᠡ ᠪᠠᠨ ᠦᠳᠡᠯᠦᠭᠴᠢ ᠶ᠋ᠢᠨ ᠤᠯᠵᠠᠯᠠᠭᠴᠢ ᠪᠤᠯᠵᠦ᠂ ᠨᠠᠰᠤᠮᠠᠭ ᠭᠦᠮᠦᠰ ᠤᠨ ᠬᠦᠷᠢᠶ᠎ᠡ ᠴᠠᠷ᠎ᠠ ᠳ᠋ᠤ ᠬᠤᠷᠳᠤᠨ ᠤᠨᠠᠨ᠎ᠠ᠃      

3. ᠦᠷᠭᠦᠯᠵᠢ ᠬᠦᠳᠡᠯᠭᠡᠭᠡᠨ ᠬᠢᠬᠦ᠂ ᠨᠡᠩ ᠤᠨᠴᠠᠭᠠᠢᠯᠠᠨ ᠤᠳᠠᠭᠠᠨ ᠬᠦᠶᠦᠬᠦ ᠪᠤᠶᠤ ᠠᠯᠬᠤᠯᠠᠨ᠎ᠠ᠃      

4. ᠢᠳᠡᠭᠡᠨ ᠤᠮᠳᠠᠭᠠᠨ ᠤ ᠲᠠᠯ᠎ᠠ ᠳ᠋ᠤ ᠰᠢᠮ᠎ᠡ ᠲᠡᠵᠢᠭᠡᠯ ᠲᠠᠢ ᠪᠠᠶᠢᠬᠤ ᠶ᠋ᠢ ᠠᠩᠬᠠᠷᠴᠦ᠂ ᠲᠠᠯᠠᠢ ᠶ᠋ᠢᠨ ᠢᠳᠡᠭᠡᠨ ᠢ ᠲᠤᠬᠢᠷᠠᠮᠵᠢᠲᠠᠢ ᠢᠳᠡᠨ᠎ᠠ᠂ ᠤᠴᠢᠷ ᠨᠢ ᠲᠠᠯᠠᠢ ᠶ᠋ᠢᠨ ᠢᠳᠡᠭᠡᠨ ᠨᠢ 《 ᠴᠠᠶᠢᠷ 》 ᠡᠯᠪᠡᠭ ᠠᠭᠤᠯᠤᠭᠳᠠᠨ᠎ᠠ᠃      

5. ᠠᠵᠢᠯ ᠦᠢᠯᠡᠰ ᠲᠡᠭᠡᠨ ᠤᠷᠭᠢᠯᠤᠮ᠎ᠠ ᠬᠠᠯᠠᠭᠤᠨ ᠰᠡᠳᠬᠢᠯᠭᠡ ᠲᠠᠢ ᠪᠠᠶᠢᠵᠤ᠂  ᠠᠵᠢᠯ ᠡᠴᠠ ᠪᠠᠨ ᠠᠮᠠᠷᠠᠭᠰᠠᠨ ᠴᠤ ᠦᠪᠡᠷ ᠤᠨ ᠲᠤᠷ᠎ᠠ ᠰᠤᠨᠢᠷᠬᠠᠯ ᠲᠠᠢ ᠠᠵᠢᠯ ᠢᠶᠡᠨ ᠤᠯᠵᠦ ᠬᠢᠨ᠎ᠡ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ