ᠬᠡᠨ ᠲᠠᠢ ᠬᠠᠮᠳᠤ ᠪᠠᠶᠢᠬᠤ ᠨᠢ ᠮᠠᠰᠢ ᠴᠢᠬᠤᠯᠠ

ᠤᠩᠰᠢᠭᠰᠠᠨ ᠤᠳᠠᠭ᠎ᠠ ᠄ 1032    ᠨᠡᠶᠢᠳᠡᠯᠡᠭᠰᠡᠨ ᠴᠠᠭ ᠄ 2016-10-13

ᠠᠯᠠᠭ ᠪᠢᠯᠵᠤᠤᠬᠠᠢ ᠪᠤᠯᠵᠤᠮᠤᠷ ᠲᠠᠢ ᠨᠢᠭᠡ ᠬᠤᠭᠤᠯᠠᠢ ᠪᠠᠷ ᠵᠢᠷᠬᠢᠬᠦ ᠦᠭᠡᠢ      

ᠠᠯᠳᠠᠨ ᠭᠤᠷᠭᠤᠤᠯ ᠬᠡᠷᠢᠶ᠎ᠡ ᠲᠠᠢ ᠨᠢᠭᠡ ᠡᠭᠦᠷ ᠲᠤ ᠬᠤᠨᠤᠬᠤ ᠦᠭᠡᠢ       

ᠠᠳᠠᠯᠢ ᠪᠤᠰᠤ ᠬᠦᠮᠦᠨ ᠲᠠᠢ ᠬᠠᠮᠳᠤ ᠪᠠᠶᠢᠬᠤ ᠳ᠋ᠥ ᠠᠳᠠᠯᠢ ᠪᠤᠰᠤ ᠶ᠋ᠢᠨ ᠬᠦᠮᠦᠨ ‍ᠤ ᠠᠮᠢᠳᠤᠷᠠᠯ ᠲᠠᠢ ᠪᠤᠯᠳᠠᠭ᠃ ᠠᠵᠢᠯᠴᠢ ᠬᠦᠮᠦᠨ ᠲᠠᠢ ᠬᠠᠮᠳᠤ ᠪᠠᠶᠢᠪᠠᠯ ᠲᠠ ᠠᠯᠵᠠᠭᠤ ᠵᠠᠯᠬᠠᠭᠤ ᠪᠠᠶᠢᠵᠤ ᠴᠢᠳᠠᠬᠤ ᠦᠭᠡᠢ︔ ᠢᠳᠡᠪᠬᠢᠳᠡᠢ ᠦᠭᠡᠳᠡ ᠬᠦᠮᠦᠨ ᠲᠠᠢ ᠬᠠᠮᠳᠤ ᠪᠠᠶᠢᠪᠠᠯ ᠲᠠ ᠤᠢ ᠭᠤᠳᠤᠷᠠᠩᠭᠤᠢ ᠤᠷᠤᠭᠤᠳᠠᠵᠤ ᠴᠢᠳᠠᠬᠤ ᠦᠭᠡᠢ᠃ ᠰᠡᠴᠡᠨ ᠤᠬᠠᠭᠠᠨ ᠲᠠᠢ ᠬᠦᠮᠦᠨ ᠲᠠᠢ ᠬᠠᠮᠳᠤ ᠪᠠᠶᠢᠪᠠᠯ ᠲᠠ ᠵᠢᠷ ‍ᠤᠨ ᠪᠤᠰᠤ ᠪᠤᠯᠤᠨ᠎ᠠ︔ᠡᠷᠭᠢᠮ ᠬᠦᠮᠦᠨ ᠲᠠᠢ ᠬᠠᠮᠳᠤ ᠪᠠᠶᠢᠪᠠᠯ ᠲᠠ ᠦᠨᠳᠦᠷ ᠲᠤ ᠮᠠᠴᠤᠨ ᠤᠷᠬᠢᠯ ᠳ᠋ᠤᠷ ᠲᠡᠭᠦᠯᠢᠬᠦ ᠪᠤᠯᠤᠨ᠎ᠠ᠃     

ᠰᠢᠨᠵᠢᠯᠡᠬᠦ ᠤᠬᠠᠭᠠᠨᠳᠠᠨ ᠤ ᠦᠵᠡᠬᠦ ᠪᠠᠷ᠂ ᠴᠤᠷ ‍ᠤᠨ ᠭᠠᠭᠴᠠ ᠬᠦᠮᠦᠨ ᠯᠠ ᠰᠠᠶ᠋ᠢ ᠲᠠᠯᠳᠠ ᠲᠤᠬᠢᠯᠳᠠ ᠶ᠋ᠢ ᠬᠦᠯᠢᠶᠡᠳᠡᠭ ᠠᠮᠢᠳᠠᠨ ᠪᠤᠯᠤᠨ᠎ᠠ᠃     

ᠢᠳᠡᠪᠬᠢᠳᠡᠢ ᠲᠠᠯᠳᠠ ᠲᠤᠬᠢᠯᠳᠠ ᠨᠢ ᠬᠦᠮᠦᠨ ᠤ ᠤᠷᠮ᠎ᠠ ᠰᠡᠳᠬᠢᠯᠭᠡ ᠪᠤᠯᠤᠨ ᠮᠠᠬᠠᠪᠤᠳ ‍ᠤᠨ ᠪᠠᠶᠢᠳᠠᠯ ᠳ᠋ᠥ ᠰᠠᠶᠢᠨ ᠨᠦᠯᠦᠭᠡ ᠲᠤᠰᠬᠠᠯ ᠪᠤᠯᠵᠤ᠂ ᠬᠦᠮᠦᠨ ᠤ ᠲᠤᠳᠤᠭᠠᠳᠤ ᠬᠦᠴᠦᠨ ᠴᠢᠳᠠᠪᠤᠷᠢ ᠶ᠋ᠢ ᠰᠠᠨᠠᠭᠠᠨ ᠳ᠋ᠥ ᠤᠷᠤᠮ᠎ᠠ ᠦᠭᠡᠢ ᠲᠦᠪᠰᠢᠨ ᠳ᠋ᠥ ᠬᠦᠷᠳᠡᠯ᠎ᠡ ᠪᠠᠳᠠᠷᠠᠭᠤᠯᠵᠤ ᠴᠢᠳᠠᠳᠠᠭ᠃ ᠲᠡᠭᠦᠨ ᠡᠴᠠ ᠪᠤᠯᠵᠤ ᠬᠦᠮᠦᠰ ‍ᠢ ᠤᠷᠤᠭᠰᠢ ᠲᠠᠪᠰᠢᠭᠤᠯᠵᠤ ᠦᠭᠡᠳᠡ ᠨᠢ ᠲᠡᠮᠡᠦᠯᠦᠭᠦᠯᠳᠡᠭ᠃     

ᠦᠭᠡᠨᠴᠡ ᠲᠤᠷᠤᠢ ᠬᠦᠮᠦᠰ ᠡᠴᠠ ᠵᠠᠶᠢᠳᠠᠭᠤᠬᠠᠨ ᠪᠠᠶᠢᠭᠠᠴᠢ ᠬᠦᠮᠦᠰ ᠡ᠂ ᠡᠰᠡ ᠲᠡᠭᠡᠪᠡᠯ᠂ ᠲᠡᠳᠡ ᠨᠢᠭᠡ ᠯᠠ ᠮᠡᠳᠡᠬᠦ ᠳ᠋ᠥ ᠬᠦᠰᠡᠯ ᠮᠦᠷᠦᠭᠡᠳᠦᠯ ‍ᠢ ᠴᠢᠨᠢ ᠬᠤᠯᠠᠭᠠᠶᠢᠯᠠᠵᠤ᠂ ᠴᠢᠮᠠᠶᠢ ᠢᠳᠡᠭ ᠢᠳᠡᠭ ᠢᠶᠠᠷ ᠴᠦᠭᠦᠷᠡᠩᠭᠦᠢ ᠮᠦᠷᠳᠡᠭᠡᠨ ᠶᠡᠷᠦᠮᠳᠡᠭ ᠪᠤᠯᠭᠠᠳᠠᠭ᠃     

ᠢᠳᠡᠪᠬᠢᠳᠡᠢ ᠬᠦᠮᠦᠨ ᠨᠠᠷᠠᠨ ᠠᠳᠠᠯᠢ᠂ ᠬᠠᠮᠢᠭ᠎ᠠ ᠲᠤᠰᠤᠭᠰᠠᠨ ᠴᠦ ᠬᠡᠷᠡᠯ ᠬᠡᠭᠡ ᠲᠠᠢ᠂ ᠦᠭᠡᠨᠴᠡ ᠲᠤᠷᠤᠢ ᠬᠦᠮᠦᠨ ᠰᠠᠷᠠᠨ ᠠᠳᠠᠯᠢ᠂ ᠰᠢᠨ᠎ᠡ ᠶ᠋ᠢᠨ ᠨᠢᠭᠡᠨ ᠡᠴᠠ ᠠᠷᠪᠠᠨ ᠲᠠᠪᠤᠨ ᠪᠤᠯᠳᠠᠯ᠎ᠠ ᠪᠦᠷ ᠠᠳᠠᠯᠢ ᠦᠭᠡᠢ᠃ ᠤᠪᠤᠷ ᠰᠤᠷᠳᠠᠯ ᠠᠯᠢᠪᠠ ᠶ᠋ᠢ ᠲᠤᠭᠳᠠᠭᠠᠨ᠎ᠠ᠃ ᠶᠠᠮᠠᠷ ᠤᠪᠤᠷ ᠰᠤᠷᠳᠠᠯ ᠲᠠᠢ ᠪᠤᠯ ᠲᠡᠶᠢᠮᠦ ᠯᠠ ᠢᠷᠡᠭᠡᠳᠦᠢ ᠲᠠᠢ᠂ ᠵᠠᠩ ᠴᠢᠨᠠᠷ ᠬᠤᠪᠢ ᠵᠠᠶᠠᠭ᠎ᠠ ᠶ᠋ᠢ ᠲᠤᠭᠳᠠᠭᠠᠨ᠎ᠠ᠂ ᠶᠠᠮᠠᠷ ᠵᠠᠩ ᠴᠢᠨᠠᠷ ᠲᠠᠢ ᠪᠤᠯ ᠲᠡᠶᠢᠮᠦ ᠯᠠ ᠬᠦᠮᠦᠨ ᠤ ᠠᠮᠢᠳᠤᠷᠠᠯ ᠲᠠᠢ᠃     

ᠵᠠᠷᠢᠮ ᠬᠦᠮᠦᠨ ᠬᠡᠯᠡᠬᠦ ᠳ᠋ᠡᠭᠡᠨ᠂ ᠬᠦᠮᠦᠨ ᠤ ᠠᠮᠢᠳᠤᠷᠠᠯ ᠳ᠋ᠥ ᠭᠤᠷᠪᠠᠨ ᠶᠡᠬᠡ ᠠᠵᠠ ᠲᠠᠢ ᠤᠴᠠᠷᠠᠯ ᠪᠤᠢ᠄ ᠰᠤᠷᠭᠠᠭᠤᠯᠢ ᠳ᠋ᠥ ᠪᠠᠶᠢᠬᠤ ᠳ᠋ᠠᠭᠠᠨ ᠰᠠᠶᠢᠨ ᠪᠠᠭᠰᠢ ᠲᠠᠢ ᠲᠠᠭᠠᠷᠠᠬᠤ︔ᠠᠵᠢᠯᠯᠠᠬᠤ ᠦᠶ᠎ᠡ ᠳ᠋ᠥ ᠰᠠᠶᠢᠨ ᠵᠢᠯᠤᠭᠤᠳᠤᠭᠴᠢ ᠪᠠᠭᠰᠢ᠂ ᠰᠠᠶᠢᠨ ᠲᠠᠭᠠᠭᠠᠮᠠᠯ ᠲᠠᠭᠠᠷᠠᠬᠤ᠂ ᠠᠶᠢᠯ ᠭᠡᠷ ᠪᠤᠯᠬᠤ ᠳ᠋ᠥ ᠰᠠᠶᠢᠨ ᠬᠠᠨᠢ ᠲᠠᠭᠠᠷᠠᠬᠤ᠃     

ᠠᠮᠢᠳᠤᠷᠠᠯ ᠲᠤᠮᠳᠠ ᠬᠠᠮᠤᠭ ‍ᠤᠨ ᠠᠵᠠ ᠪᠤᠰᠤ ᠶᠠᠪᠤᠳᠠᠯ ᠪᠤᠯ᠄ ᠬᠠᠵᠠᠭᠤ ᠳ᠋ᠥ ᠴᠢᠨᠢ ᠢᠳᠡᠪᠬᠢᠳᠡᠢ ᠲᠠᠪᠰᠢᠯᠳᠠ ᠲᠠᠢ ᠬᠦᠮᠦᠨ ᠲᠤᠳᠠᠬᠤ᠂ ᠠᠯᠤᠰ ‍ᠤᠨ ᠬᠠᠷᠠᠯᠳᠠ ᠦᠷᠭᠡᠨ ᠮᠡᠳᠡᠯᠭᠡ ᠲᠠᠢ ᠬᠦᠮᠦᠨ ᠲᠤᠳᠠᠬᠤ ᠡᠴᠠ ᠪᠤᠯᠵᠤ ᠲᠠᠨ ᠤ ᠠᠮᠢᠳᠤᠷᠠᠯ ᠶᠡᠷᠦᠮᠳᠡᠭ ᠵᠢᠷ ‍ᠤᠨ ᠮᠦᠷᠳᠡᠭᠡᠨ ᠤᠳᠬ᠎ᠠ ᠠᠭᠤᠯᠭ᠎ᠠ ᠪᠠᠨ ᠠᠯᠳᠠᠳᠠᠭ᠃     

ᠴᠢᠨᠦ ᠬᠡᠨ ᠭᠡᠳᠡᠭ ᠨᠢ ᠲᠡᠶᠢᠮᠦ ᠴᠢᠬᠤᠯᠠ ᠪᠢᠰᠢ ᠬᠠᠷᠢᠨ ᠬᠡᠨ ᠲᠠᠢ ᠬᠠᠮᠳᠤ ᠪᠠᠶᠢᠬᠤ ᠨᠢ ᠴᠢᠬᠤᠯᠠ ᠭᠡᠰᠡᠨ ᠦᠭᠡ ᠶ᠋ᠢ ᠤᠨᠤᠭᠠᠵᠤ ᠬᠡᠯᠡᠭᠰᠡᠨ ᠪᠠᠶᠢᠳᠠᠭ᠃ ᠡᠷᠳᠡᠨ ᠳ᠋ᠥ 《 ᠮᠸᠩᠽᠢ ᠶ᠋ᠢᠨ ᠡᠬᠡ ᠭᠤᠷᠪᠠᠨᠳᠠ ᠨᠡᠭᠦᠭᠰᠡᠨ ᠨᠢ 》 ᠭᠡᠳᠡᠭ ᠨᠢ ᠠᠰᠠᠭᠤᠳᠠᠯ ‍ᠢ ᠪᠦᠷᠢᠮᠦᠰᠦᠨ ᠢᠯᠡᠳᠭᠡᠪᠡ᠃ ᠪᠦᠷᠭᠦᠳ ᠲᠠᠬᠢᠶᠠᠨ ᠡᠭᠦᠷ ᠲᠤ ᠦᠰᠪᠡᠯ ᠨᠢᠰᠬᠦ ᠴᠢᠳᠠᠪᠤᠷᠢ ᠪᠠᠨ ᠠᠯᠳᠠᠭᠠᠳ ᠬᠡᠷᠭᠢᠨ ᠬᠦᠨ ᠤᠭᠳᠠᠷᠭᠤᠢ ᠳ᠋ᠥ ᠰᠤᠮᠤᠳᠠᠨ ᠬᠦᠭᠡᠮᠳᠡᠭ ᠲᠩᠷᠢ ᠳ᠋ᠥ ᠲᠡᠭᠦᠯᠢᠨ ᠨᠢᠰᠦᠨ᠎ᠡ ᠳ᠋ᠠ᠂ ᠭᠡᠭᠡᠷ᠎ᠡ ᠶ᠋ᠢᠨ ᠴᠢᠨ᠋ᠸ᠎ᠠ ᠬᠤᠨᠢᠨ ᠰᠦᠷᠦᠭ ᠲᠤ ᠦᠰᠪᠡᠯ ᠮᠦᠨ 《 ᠬᠤᠨᠢ ᠶ᠋ᠢ ᠬᠠᠶᠢᠷᠠᠯᠠᠴᠢᠬᠠᠵᠤ 》᠂ ᠴᠢᠨ᠋ᠸ᠎ᠠ ᠴᠢᠨᠠᠷ ᠵᠢᠡᠨ ᠠᠯᠳᠠᠭᠠᠳ ᠬᠡᠷᠭᠢᠨ ᠤᠮᠤᠭᠯᠠᠩ ᠰᠦᠷ ᠲᠠᠢ ᠪᠠᠷ ᠬᠠᠩᠭᠠᠢ ᠲᠠᠯ᠎ᠠ ᠢᠶᠠᠷ ᠲᠤᠪᠳᠤᠯᠬᠤ ᠪᠤᠢ᠃     

ᠤᠤᠯ ᠨᠢ ᠲᠠ ᠰᠢᠯᠢᠳᠡᠭ ᠪᠠᠶᠢᠭᠰᠠᠨ ᠳ᠋ᠠ᠂ ᠭᠡᠬᠦ ᠳ᠋ᠡᠭᠡᠨ ᠤᠷᠴᠢᠨ ᠲᠤᠭᠤᠷᠢᠨ ᠤ ᠦᠭᠡᠨᠴᠡ ᠲᠤᠷᠤᠢ ᠬᠦᠮᠦᠰ ‍ᠤᠨ ᠨᠦᠯᠦᠭᠡᠯᠡᠯ ᠢᠶᠠᠷ ᠲᠡᠭᠡᠭᠰᠢ ᠲᠠᠪᠰᠢᠬᠤ ᠲᠠᠷᠤᠯᠳᠠ ᠪᠠᠷ ᠲᠤᠳᠠᠮᠠᠭ᠂ ᠤᠷᠤᠭᠰᠢ ᠠᠬᠢᠬᠤ ᠬᠦᠳᠡᠯᠭᠡᠬᠦ ᠬᠦᠴᠦᠨ ᠦᠭᠡᠢ ᠪᠤᠯᠵᠤ ᠪᠤᠯᠬᠢ ᠪᠦᠳᠦᠭᠦᠯᠢᠭ ‍ᠤᠨ ᠲᠤᠶᠢᠯ ᠳ᠋ᠥ ᠬᠦᠷᠳᠡᠭ᠃ 《 ᠤᠯᠠᠩᠬᠢ ᠬᠦᠮᠦᠨ ᠬᠦᠭᠵᠢᠮᠳᠡᠬᠡ ᠦᠭᠡᠢ ᠨᠤᠲ ᠢᠶᠡᠨ ᠠᠪᠤᠭᠠᠳ ᠯᠠ ᠪᠤᠯᠠᠰᠢᠨ ᠳ᠋ᠥ ᠤᠷᠤᠳᠠᠭ᠃ 》     

ᠬᠡᠷᠪᠡ ᠲᠠ ᠪᠦᠷᠭᠦᠳ ᠮᠡᠳᠦ ᠦᠨᠳᠦᠷ ᠲᠩᠷᠢ ᠳ᠋ᠥ ᠲᠡᠭᠦᠯᠢᠨ ᠨᠢᠰᠦᠶ᠎ᠡ ᠭᠡᠪᠡᠯ ᠰᠦᠷᠦᠭ ᠪᠦᠷᠭᠦᠳ ᠲᠠᠢ ᠨᠢᠰᠬᠦ ᠡᠴᠠ ᠪᠢᠰᠢ ᠪᠤᠯᠵᠤᠮᠤᠷ ᠬᠠᠷᠢᠶᠠᠴᠠᠢ ᠶ᠋ᠢᠨ ᠡᠩᠨᠡᠭᠡᠨ ᠳ᠋ᠥ ᠤᠷᠤᠬᠤ ᠦᠭᠡᠢ᠂ ᠬᠡᠷᠪᠡ ᠲᠠ ᠬᠡᠬᠡᠷ᠎ᠡ ᠶ᠋ᠢᠨ ᠴᠢᠨ᠋ᠸ᠎ᠠ ᠠᠳᠠᠯᠢ ᠬᠠᠩᠭᠠᠢ ᠲᠠᠯ᠎ᠠ ᠪᠠᠷ ᠲᠤᠪᠳᠤᠯᠤᠶ᠎ᠠ ᠭᠡᠪᠡᠯ ᠰᠦᠷᠦᠭ ᠴᠢᠨ᠋ᠸ᠎ᠠ ᠲᠠᠢ ᠲᠤᠪᠳᠤᠯᠬᠤ ᠡᠴᠠ ᠪᠢᠰᠢ ᠬᠠᠷᠢᠨ ᠵᠡᠭᠡᠷ᠎ᠡ ᠬᠤᠨᠢ ᠲᠠᠢ ᠬᠠᠮᠳᠤ ᠪᠠᠶᠢᠵᠤ ᠪᠤᠯᠤᠰᠢ ᠦᠭᠡᠢ᠃      

《 ᠠᠯᠠᠭ ᠪᠢᠯᠵᠤᠤᠬᠠᠢ ᠪᠤᠯᠵᠤᠮᠤᠷ ᠲᠠᠢ ᠨᠢᠭᠡ ᠬᠤᠭᠤᠯᠠᠢ ᠪᠠᠷ ᠵᠢᠷᠬᠢᠬᠦ ᠦᠭᠡᠢ᠂ ᠠᠯᠳᠠᠨ ᠭᠤᠷᠭᠤᠤᠯ ᠬᠡᠷᠢᠶ᠎ᠡ ᠲᠠᠢ ᠨᠢᠭᠡ ᠡᠭᠦᠷ ᠲᠤ ᠬᠤᠨᠤᠬᠤ ᠦᠭᠡᠢ 》 ᠭᠡᠳᠡᠭᠴᠢᠯᠡᠨ ᠡᠨᠡ ᠨᠢ ᠲᠠᠷᠤᠢ ᠦᠯᠦ ᠮᠡᠳᠡᠭ ᠵᠢᠡᠷ ᠨᠦᠯᠦᠭᠡᠯᠡᠬᠦ ᠬᠦᠴᠦᠨ ᠪᠤᠯᠤᠨ ᠰᠤᠨᠤᠰᠤᠨ ᠰᠤᠨᠤᠰᠤᠭᠰᠠᠭᠠᠷ ᠬᠠᠳᠠᠩᠰᠢᠵᠤ ᠦᠵᠡᠨ ᠦᠵᠡᠭᠰᠡᠭᠡᠷ ᠡᠭᠡᠨᠡᠭᠰᠢᠬᠦ ᠶ᠋ᠢᠨ ᠦᠢᠯᠡᠳᠦᠯ ᠪᠢᠯᠡ᠃      

ᠬᠡᠷᠪᠡ ᠲᠠ ᠰᠡᠴᠡᠨ ᠰᠡᠷᠭᠦᠯᠡᠩ ᠪᠤᠯᠤᠶ᠎ᠠ ᠭᠡᠪᠡᠯ ᠰᠡᠴᠡᠨ ᠤᠬᠠᠭᠠᠨᠳᠤ ᠬᠦᠮᠦᠨ ᠲᠠᠢ ᠴᠤᠭ ᠪᠠᠶᠢᠪᠠᠯ  ᠰᠠᠶ᠋ᠢ ᠲᠠᠨ ᠤ ᠪᠢᠯᠢᠭ ᠤᠶᠤᠨ ᠤᠯᠠᠮ ᠨᠡᠭᠡᠭᠡᠭᠳᠡᠨ᠎ᠡ︔ᠬᠡᠷᠪᠡ ᠲᠠ ᠰᠢᠯᠢᠳᠡᠭ ᠪᠠᠶᠢᠶ᠎ᠠ ᠭᠡᠪᠡᠯ ᠰᠢᠯᠢᠳᠡᠭ ᠰᠠᠶᠢᠨ ᠬᠦᠮᠦᠰ ᠲᠠᠢ ᠬᠠᠮᠳᠤ ᠪᠠᠶᠢᠪᠠᠯ ᠰᠠᠶᠢ ᠤᠯᠠᠨ ᠡᠴᠠ ᠤᠷᠤᠶᠢᠯᠠᠨ ᠦᠯᠡᠮᠵᠢ ᠪᠦᠳᠦᠭᠡᠯ ᠲᠠᠢ ᠪᠤᠯᠬᠤ ᠪᠤᠯᠤᠨ᠎ᠠ᠃      

ᠬᠠᠭᠤᠴᠢᠨ ᠦᠭᠡᠨ ᠳ᠋ᠥ ᠡᠳ᠋ ᠲᠦᠷᠦᠯ ᠢᠶᠠᠷ ᠢᠶᠡᠨ᠂ ᠬᠦᠮᠦᠨ ᠪᠦᠯᠦᠭ ᠢᠶᠠᠷ ᠢᠶᠡᠨ ᠭᠡᠳᠡᠭ᠃ ᠲᠡᠶᠢᠮᠦ ᠶ᠋ᠢᠨ ᠴᠦ ᠤᠴᠢᠷ ᠡᠴᠠ ᠨᠢᠭᠡ ᠪᠠᠶᠢᠷᠢ ᠪᠠᠷ ᠢᠶᠡᠨ ᠴᠦᠮ ᠰᠤᠳᠤᠯᠬᠤ ᠰᠤᠷᠤᠭᠴᠢ ᠰᠢᠯᠭᠠᠭᠳᠠᠭᠰᠠᠨ᠂ ᠨᠢᠭᠡ ᠠᠩᠬᠢ ᠡᠴᠠ ᠤᠯᠠᠨ ᠨᠡᠷᠡᠳᠦ ᠰᠤᠷᠭᠠᠭᠤᠯᠢ ᠳ᠋ᠥ ᠤᠷᠤᠭᠰᠠᠨ ᠵᠡᠷᠭᠡ ᠪᠠᠶᠢᠳᠠᠯ ᠤᠯᠠᠨ ᠢᠯᠡᠷᠡᠳᠡᠭ᠃      

ᠰᠠᠶᠢᠨ ᠨᠤᠮ ᠤᠩᠰᠢᠬᠤ᠂ ᠡᠷᠭᠢᠮ ᠬᠦᠮᠦᠰ ᠲᠠᠢ ᠶᠠᠪᠤᠯᠴᠠᠬᠤ ᠨᠢ ᠬᠦᠮᠦᠨ ᠤ ᠠᠮᠢᠳᠤᠷᠠᠯ ‍ᠤᠨ ᠬᠤᠶᠠᠷ ᠶᠡᠬᠡ ᠰᠠᠶᠢᠨ ᠲᠤᠬᠢᠶᠠᠯᠳᠤᠯ ᠪᠤᠯᠤᠨ᠎ᠠ᠃ ᠨᠢᠭᠡᠨ ᠬᠦᠮᠦᠨ ᠤ ᠦᠨᠡᠳᠡᠢ ᠡᠰᠡᠬᠦ ᠨᠢ ᠲᠡᠭᠦᠨ ᠤ ᠤᠶᠢᠷ᠎ᠠ ᠤᠷᠴᠢᠨ ᠤ ᠬᠢᠨᠢ ᠨᠠᠶᠢᠵᠠ ᠨᠦᠬᠦᠳ ᠢᠶᠠᠷ ᠲᠤᠭᠳᠠᠭᠠᠭᠳᠠᠨ᠎ᠠ᠃ ᠨᠠᠶᠢᠵᠠ ᠨᠦᠬᠦᠳ ᠨᠢ ᠰᠢᠯᠢᠳᠡᠭ ᠪᠤᠯᠬᠤ ᠲᠤᠰᠤᠮ ᠵᠢᠡᠨ ᠲᠠ ᠦᠪᠡᠷ ᠢᠶᠡᠨ ᠴᠦ ᠦᠨ᠎ᠡ ᠳ᠋ᠥ ᠬᠦᠷᠦᠨ᠎ᠡ᠂ ᠴᠢᠨᠠᠭᠰᠢᠯᠠᠨ ᠠᠵᠢᠯ ᠦᠢᠯᠡᠰ ᠳ᠋ᠤ ᠴᠢᠨᠢ ᠤᠯᠠᠮ ᠲᠤᠰᠠ ᠲᠠᠢ ᠪᠤᠯᠤᠨ᠎ᠠ᠃ ᠨᠠᠶᠢᠵᠠ ᠨᠦᠬᠦᠳ ᠭᠡᠳᠡᠭ ᠨᠢ ᠲᠠᠨ ᠤ ᠨᠢᠭᠡ ᠨᠠᠰᠤᠨ ᠤ ᠲᠤᠳᠠᠭᠳᠠᠵᠤ ᠪᠤᠯᠤᠰᠢ ᠦᠭᠡᠢ ᠦᠨᠡᠳᠦ ᠬᠦᠷᠦᠩᠬᠡ ᠮᠥᠨ᠃ ᠤᠴᠢᠷ ᠨᠢ ᠨᠠᠶᠢᠵᠠ ᠨᠦᠬᠦᠳ ‍ᠤᠨ ᠬᠠᠪᠰᠤᠷᠤᠯᠴᠠᠭ᠎ᠠ ᠪᠤᠯᠤᠨ ᠵᠤᠷᠢᠭᠵᠢᠭᠤᠯᠤᠯ ᠨᠢ ᠰᠠᠶᠢ ᠲᠠᠨ ‍ᠢ ᠲᠠᠰᠤᠷᠠᠯᠳᠠ ᠦᠭᠡᠢ ᠢᠯᠠᠯᠳᠠ ᠳ᠋ᠥ ᠬᠦᠷᠭᠡᠵᠤ ᠵᠤᠭᠰᠤᠯᠳᠠ ᠦᠭᠡᠢ ᠤᠷᠤᠭᠰᠢᠯᠠᠭᠤᠯᠳᠠᠭ᠃     

ᠬᠦᠮᠦᠨ ᠤ ᠠᠮᠢᠳᠤᠷᠠᠯ ‍ᠤᠨ ᠤᠪᠢᠳᠠᠰ ᠪᠤᠯ ᠬᠦᠮᠦᠨ ᠲᠠᠢ ᠬᠠᠷᠢᠯᠴᠠᠬᠤ᠂ ᠭᠠᠷ ᠭᠠᠷ ᠵᠢᠡᠨ ᠬᠤᠯᠪᠤᠯᠴᠠᠨ ᠬᠠᠮᠳᠤ ᠪᠠᠷ ᠤᠷᠤᠭᠰᠢᠯᠠᠬᠤ ᠪᠢᠯᠡ᠃ ᠠᠮᠢᠳᠤᠷᠠᠯ ‍ᠤᠨ ᠰᠠᠶᠢᠬᠨ ᠭᠡᠭᠴᠢ ᠪᠤᠰᠤᠳ ᠲᠤ ᠰᠠᠷᠭᠠᠢ ᠬᠦᠷᠭᠡᠭᠰᠡᠨ ᠬᠦᠮᠦᠨ ᠳ᠋ᠥ ᠠᠩᠬᠢᠯᠤᠮ᠎ᠠ ᠦᠨᠦᠷ ᠨᠢ ᠦᠯᠡᠳᠡᠳᠡᠭ ‍ᠤᠨ ᠶᠤᠰᠤ ᠪᠢᠯᠡ᠃     

ᠬᠦᠮᠦᠨ ‍ᠤ ᠠᠮᠢᠳᠤᠷᠠᠯ ᠭᠡᠭᠴᠢ ᠮᠥᠨ ᠡᠶᠢᠮᠦ ᠯᠠ ᠠᠶᠠᠨᠳᠠᠭᠠᠨ ᠶᠤᠮ᠃ ᠠᠳᠠᠯᠢ ᠪᠤᠰᠤ ᠬᠦᠮᠦᠨ ᠲᠠᠢ ᠬᠠᠮᠳᠤ ᠪᠠᠶᠢᠬᠤ ᠨᠢ ᠠᠳᠠᠯᠢ ᠪᠤᠰᠤ ᠬᠦᠮᠦᠨ ᠤ ᠠᠮᠢᠳᠤᠷᠠᠯ ‍ᠢ ᠡᠳ᠋ᠯᠡᠳᠡᠭ᠃ ᠬᠠᠶᠢᠷ᠎ᠠ ᠲᠤᠷᠠᠯᠠᠯ ᠡᠶᠢᠮᠦ᠂ ᠤᠷᠤᠭ ᠬᠤᠷᠢᠮ ᠴᠦ ᠡᠶᠢᠮᠦ︔ᠭᠡᠷ ᠪᠦᠯᠢ ᠡᠶᠢᠮᠦ᠂ ᠠᠵᠢᠯ ᠦᠢᠯᠡᠰ ᠴᠦ ᠡᠶᠢᠮᠦ ᠪᠤᠯᠠᠢ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ