ᠡᠳᠦᠷ ᠪᠦᠷᠢ ᠠᠯᠬᠤᠬᠤ ᠶ᠋ᠢᠨ 12 ᠰᠠᠶᠢᠨ ᠲᠠᠢ ᠲᠠᠯ᠎ᠠ

ᠤᠩᠰᠢᠭᠰᠠᠨ ᠤᠳᠠᠭ᠎ᠠ ᠄ 940    ᠨᠡᠶᠢᠳᠡᠯᠡᠭᠰᠡᠨ ᠴᠠᠭ ᠄ 2016-08-19

      1.ᠠᠯᠬᠤᠬᠤ ᠨᠢ ᠵᠢᠷᠦᠬᠡᠨ ‍ᠤ ᠴᠢᠳᠠᠪᠬᠢ ᠶ᠋ᠢ ᠰᠠᠶᠢᠵᠢᠷᠠᠭᠤᠯᠤᠨ᠎ᠠ᠃ 2.ᠠᠯᠬᠤᠬᠤ ᠨᠢ ᠴᠢᠰᠤᠨ ᠰᠤᠳᠠᠯ ‍ᠤᠨ ᠬᠠᠷᠢᠮᠠᠬᠠᠢ ᠴᠢᠨᠠᠷ ‍ᠢ ᠰᠠᠶᠢᠵᠢᠷᠠᠭᠤᠯᠤᠨ᠎ᠠ᠃ 3.ᠠᠯᠬᠤᠬᠤ ᠨᠢ ᠬᠦᠮᠦᠨ ‍ᠤ ᠪᠡᠶ᠎ᠡ ᠶ᠋ᠢᠨ ᠬᠡᠪᠡᠯᠢ ᠶ᠋ᠢᠨ ᠬᠡᠰᠡᠭ ᠲᠡᠬᠢ ᠦᠭᠡᠭᠦᠨ ᠪᠦᠭᠡᠮᠨᠡᠷᠡᠯ ‍ᠢ ᠪᠠᠭᠠᠰᠬᠠᠨ᠎ᠠ᠃ 4.ᠠᠯᠬᠤᠬᠤ ᠨᠢ ᠴᠢᠰᠤᠨ ‍ᠤ ᠨᠦᠵᠢᠷᠡᠯ ‍ᠢ ᠪᠠᠭᠠᠰᠬᠠᠨ᠎ᠠ᠃ 5.ᠠᠯᠬᠤᠬᠤ ᠨᠢ ᠭᠤᠷᠪᠠᠴᠢ ᠭᠯᠢᠼᠸᠷᠢᠳ᠋ ᠪᠠ ᠺᠣᠯᠸᠰᠲ᠋ᠸᠷᠦᠯ ‍ᠤᠨ ᠯᠣᠭᠰᠢᠭᠤᠨ ᠰᠣᠳᠠᠯ ‍ᠤᠨ ᠬᠠᠨ᠎ᠠ ᠳᠡᠭᠡᠷᠡᠬᠢ ᠪᠦᠭᠡᠮᠨᠡᠷᠡᠯ ‍ᠢ ᠪᠠᠭᠠᠰᠬᠠᠬᠤ ᠪᠠᠷ ᠪᠠᠷᠠᠬᠤ ᠦᠭᠡᠢ ᠪᠠᠰᠠ ᠴᠢᠰᠤᠨ ᠰᠢᠬᠢᠷ ‍ᠤᠨ ᠭᠤᠷᠪᠠᠴᠢ ᠭᠯᠢᠼᠸᠷᠢᠳ᠋ ᠪᠣᠯᠵᠤ ᠬᠤᠪᠢᠷᠠᠬᠤ ᠪᠣᠯᠣᠮᠵᠢ ᠶ᠋ᠢ ᠪᠠᠭᠠᠰᠬᠠᠨ᠎ᠠ᠃ 6.ᠠᠯᠬᠤᠬᠤ ᠨᠢ ᠬᠤᠷᠮᠤᠨ ‍ᠤ ᠢᠯᠭᠠᠷᠠᠭᠤᠯᠤᠯᠲᠠ ᠶ᠋ᠢ ᠨᠠᠮᠳᠠᠭᠤᠯᠵᠤ᠂ ᠪᠦᠭᠡᠷ᠎ᠡ ᠶ᠋ᠢᠨ ᠳᠡᠭᠡᠳᠦ ᠪᠣᠯᠴᠢᠷᠬᠠᠢ ᠶ᠋ᠢᠨ ᠡᠳ᠋ ᠬᠡᠳᠦ ᠠᠷᠪᠢᠨ ᠢᠯᠭᠠᠷᠠᠭᠤᠯᠬᠤ ᠡᠴᠠ ᠰᠡᠷᠭᠡᠶᠢᠯᠡᠵᠦ ᠳᠡᠶᠢᠯᠦᠨ᠎ᠡ᠃ 7.ᠠᠯᠬᠤᠬᠤ ᠨᠢ ᠪᠣᠯᠴᠢᠩ ‍ᠤᠨ ᠴᠢᠩᠭᠠᠷᠠᠯ ‍ᠢ ᠰᠠᠶᠢᠵᠢᠷᠠᠭᠤᠯᠵᠤ᠂ ᠬᠦᠯ᠂ ᠶᠠᠰᠤ ᠰᠢᠷᠪᠦᠰᠦ ᠶ᠋ᠢ ᠴᠢᠬᠢᠷᠠᠭᠵᠢᠭᠤᠯᠬᠤ ᠪᠦᠭᠡᠳ ᠦᠶ᠎ᠡ ᠭᠡᠰᠢᠭᠦᠦ ᠶ᠋ᠢ ᠵᠦᠭᠡᠯᠡᠷᠡᠭᠦᠯᠵᠦ᠂ ᠬᠦᠮᠦᠨ ‍ᠤ ᠪᠡᠶ᠎ᠡ ᠶ᠋ᠢᠨ ᠴᠢᠰᠤᠨ ‍ᠤ ᠡᠷᠬᠢᠯᠲᠡ ᠪᠠ ᠰᠢᠨ᠎ᠡ ᠬᠠᠭᠤᠴᠢᠨ ‍ᠤ ᠰᠣᠯᠢᠯᠴᠠᠭ᠎ᠠ ᠶ᠋ᠢ ᠠᠬᠢᠭᠤᠯᠤᠨ᠎ᠠ᠃ 8.ᠴᠠᠭ ᠲᠤᠭᠲᠠᠭᠠᠵᠤ ᠠᠯᠬᠤᠬᠤ ᠶ᠋ᠢ ᠪᠠᠷᠢᠮᠲᠠᠯᠠᠪᠠᠯ᠂ ᠵᠢᠷᠦᠬᠡᠨ ᠴᠢᠰᠦ ᠲᠤᠲᠠᠬᠤ ᠴᠢᠨᠠᠷᠲᠠᠢ ᠡᠪᠡᠳᠴᠢᠨ ‍ᠢ ᠠᠷᠢᠯᠭᠠᠬᠤ ᠪᠤᠶᠤ ᠴᠢᠰᠤᠨ ᠳᠠᠷᠤᠯᠲᠠ ᠶ᠋ᠢ ᠪᠠᠭᠤᠷᠠᠭᠤᠯᠤᠨ᠎ᠠ᠃ 9.ᠠᠯᠬᠤᠬᠤ ᠨᠢ ᠣᠷᠴᠢᠨ ᠠᠬᠤᠢ ᠶ᠋ᠢ ᠬᠠᠮᠠᠭᠠᠯᠠᠨ᠂ ᠬᠠᠶᠠᠭᠳᠠᠮᠠᠯ ᠬᠡᠢ ᠶ᠋ᠢᠨ ᠪᠣᠬᠢᠷᠳᠤᠯ ‍ᠢ ᠠᠷᠢᠯᠭᠠᠵᠤ᠂ ᠪᠡᠶ᠎ᠡ ᠮᠠᠬᠠᠪᠤᠳ ‍ᠢ ᠴᠢᠬᠢᠷᠠᠭᠵᠢᠭᠤᠯᠤᠨ᠂ ᠡᠪᠡᠳᠴᠢᠨ ᠡᠰᠡᠷᠭᠦᠴᠡᠬᠦ ᠴᠢᠳᠠᠪᠤᠷᠢ ᠶ᠋ᠢ ᠳᠡᠭᠡᠭᠰᠢᠯᠡᠭᠦᠯᠳᠡᠭ᠃ 10.ᠠᠯᠬᠤᠬᠤ ᠨᠢ ᠰᠢᠩᠭᠡᠭᠡᠯᠲᠡ ᠶ᠋ᠢᠨ ᠪᠣᠯᠴᠢᠷᠬᠠᠢ ᠶ᠋ᠢᠨ ᠱᠦᠭᠦᠷᠡᠭᠦᠯᠬᠦ ᠴᠢᠳᠠᠪᠬᠢ ᠶ᠋ᠢ ᠰᠠᠶᠢᠵᠢᠷᠠᠭᠤᠯᠤᠨ᠂ ᠬᠤᠳᠤᠭᠤᠳᠤ ᠭᠡᠳᠡᠰᠦᠨ ‍ᠤ ᠵᠢᠮ᠎ᠡ ᠶᠣᠰᠣᠲᠠᠢ ᠬᠦᠳᠡᠯᠭᠡᠭᠡᠨ ‍ᠢ ᠠᠬᠢᠭᠤᠯᠵᠤ᠂ ᠢᠳᠡᠰᠢᠨ ᠳᠤᠷᠠᠰᠢᠯ ‍ᠢ ᠨᠡᠮᠡᠭᠳᠡᠭᠦᠯᠦᠨ᠂ ᠴᠢᠰᠤᠨ ᠳᠠᠷᠤᠯᠲᠠ ᠦᠨᠳᠦᠷᠵᠢᠬᠦ᠂ ᠰᠢᠬᠢᠷ ᠰᠢᠵᠢᠩ ᠡᠪᠡᠳᠴᠢᠨ᠂ ᠮᠠᠷᠢᠶᠠᠯᠠᠬᠤ ᠡᠪᠡᠳᠴᠢᠨ᠂ ᠳᠠᠳᠮᠠᠭᠠᠢ ᠴᠢᠨᠠᠷᠲᠤ ᠬᠤᠷᠭᠤᠰᠤᠯ ᠵᠡᠷᠭᠡ ᠡᠪᠡᠳᠴᠢᠨ ‍ᠢ ᠵᠠᠰᠠᠬᠤ ᠳ᠋ᠥ ᠴᠦᠮ ᠶᠡᠬᠡ ᠰᠠᠶᠢᠨ ᠦᠢᠯᠡᠳᠦᠯ ᠲᠠᠢ ᠪᠠᠶᠢᠳᠠᠭ᠃ 11.ᠠᠯᠬᠤᠬᠤ ᠨᠢ ᠮᠡᠳᠡᠷᠡᠯ ‍ᠤᠨ ᠪᠣᠯᠴᠢᠩ ‍ᠤᠨ ᠴᠢᠩᠭᠠᠷᠠᠯ ‍ᠢ ᠨᠠᠮᠳᠠᠭᠤᠯᠳᠠᠭ᠃ 12. ᠭᠠᠳᠠᠨᠠᠬᠢ ᠰᠢᠨ᠎ᠡ ᠰᠣᠷᠭᠣᠭ ᠠᠭᠠᠷ ᠳᠤᠮᠳᠠ ᠠᠯᠬᠤᠪᠠᠯ ᠲᠠᠷᠢᠬᠢᠨ ‍ᠤ ᠰᠡᠳᠭᠢᠬᠦᠢ ᠶ᠋ᠢᠨ ᠠᠵᠢᠯᠯᠠᠭ᠎ᠠ ᠬᠤᠷᠴᠠ ᠰᠡᠷᠭᠡᠭ ᠮᠦᠷᠲᠡᠭᠡᠨ ᠠᠮᠢᠳᠤᠯᠢᠭ ᠪᠣᠯᠳᠠᠭ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ