ᠡᠷᠳᠡᠡ ‍ᠤ ᠮᠤᠩᠭᠤᠯᠴᠤᠳ ‍ᠤᠨ ᠦᠷ᠎ᠠ ᠠᠴᠢᠨᠠᠷ ᠵᠢᠡᠡ ᠰᠤᠷᠭᠠᠠ ᠭᠦᠮᠤᠵᠢᠭᠦᠯᠭᠦ ᠵᠠᠩ ᠰᠤᠷᠳᠠᠯ

ᠤᠩᠰᠢᠭᠰᠠᠨ ᠤᠳᠠᠭ᠎ᠠ ᠄ 941    ᠨᠡᠶᠢᠳᠡᠯᠡᠭᠰᠡᠨ ᠴᠠᠭ ᠄ 2016-08-19

      ᠮᠠᠨ ᠤ ᠮᠤᠩᠭᠤᠯᠴᠤᠳ ᠡᠷᠲᠡ ᠳᠡᠭᠡᠳᠦ ᠡᠴᠠ ᠪᠠᠨ ᠭᠡᠷ ᠤᠨ ᠬᠦᠮᠦᠵᠢᠯ ᠢ ᠶᠡᠭᠡ ᠴᠢᠬᠤᠯᠠᠴᠢᠯᠠᠨ ᠬᠢᠳᠡᠭ ᠪᠠᠶᠢᠭᠰᠠᠨ ᠪᠦᠭᠡᠳ ᠤᠯᠠᠮᠵᠢᠯᠠᠯᠲᠤ ᠭᠡᠷ ᠤᠨ ᠬᠦᠮᠦᠵᠢᠯ ᠤᠨ ᠵᠤᠷᠰᠢᠯ ᠨᠢ ᠨᠡᠯᠢᠶᠡᠳ ᠦᠪᠡᠷᠮᠢᠴᠡ ᠤᠨᠴᠠᠯᠢᠭ ᠲᠠᠢ ᠪᠠᠶᠢᠵᠠᠢ᠃ ᠭᠠᠭᠴᠠ ᠬᠤᠶᠠᠷ ᠡᠷᠦᠬᠡ ᠪᠠᠷ ᠢᠶᠡᠨ ᠠᠯᠤᠰ ᠪᠣᠶᠢᠳᠠ ᠭᠠᠵᠠᠷ ᠨᠡᠭᠦᠳᠡᠯᠯᠡᠨ ᠮᠠᠯᠵᠢᠵᠤ ᠪᠠᠶᠢᠭᠰᠠᠨ ᠤ ᠤᠯᠠᠮ ᠢᠶᠠᠷ ᠦᠷ᠎ᠡ ᠬᠡᠦᠬᠡᠳ ᠢᠶᠡᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠬᠦ ᠳ᠋ᠤ ᠤᠨᠴᠠ ᠬᠦᠴᠢᠷᠲᠡᠢ ᠪᠠᠶᠢᠭᠰᠠᠨ ᠨᠢ ᠳᠠᠮᠵᠢᠭ ᠦᠭᠡᠢ᠃ ᠡᠶᠢᠮᠦ ᠡᠴᠠ ᠭᠡᠷ ᠪᠦᠯᠢ ᠶ᠋ᠢᠨ ᠪᠦᠷᠢᠯᠳᠦᠭᠦᠨ᠂ ᠢᠯᠠᠩᠭᠤᠶ᠎ᠠ ᠠᠪᠤ᠋ ᠡᠵᠢ ᠨᠢ ᠦᠷ᠎ᠡ ᠬᠡᠦᠬᠡᠳ ᠤᠨ ᠢᠶᠡᠨ ᠠᠩᠬᠠᠨ ᠤ ᠪᠠᠭᠰᠢ᠂ ᠬᠦᠮᠦᠵᠢᠭᠦᠯᠦᠭᠴᠢ ᠪᠤᠯᠵᠦ ᠪᠠᠶᠢᠭᠰᠠᠨ ᠶᠤᠮ᠃     

     ᠮᠤᠩᠭᠤᠯᠴᠤᠳ ᠬᠡᠦᠬᠡᠳ ᠢ ᠰᠤᠷᠭᠠᠬᠤ ᠳ᠋ᠤ ᠪᠠᠨ ᠤᠯᠠᠨ ᠵᠦᠢᠯ ᠤᠨ ᠠᠷᠭ᠎ᠠ ᠬᠡᠯᠪᠡᠷᠢ ᠦᠨᠦᠷ ᠠᠮᠲᠠ ᠲᠠᠢ ᠪᠠᠶᠢᠳᠠᠭ᠃

      1.ᠦᠵᠡᠭᠦᠯᠦᠨ ᠲᠠᠨᠢᠭᠤᠯᠬᠤ ᠠᠷᠭ᠎ᠠ ᠪᠠᠷ ᠦᠭᠡ ᠬᠡᠯᠡᠨ ᠤ ᠲᠠᠳᠤᠯᠭ᠎ᠠ ᠬᠢᠯᠭᠡᠳᠡᠭ ᠵᠠᠩᠰᠢᠯ ᠨᠢ ᠮᠤᠩᠭᠤᠯ ᠤᠷᠤᠨ ᠳ᠋ᠤ ᠲᠦᠭᠡᠮᠡᠯ ᠪᠠᠶᠢᠳᠠᠭ᠃ ᠠᠩᠬ᠎ᠠ ᠬᠡᠯᠡᠨ ᠳ᠋ᠤ ᠤᠷᠤᠬᠤ ᠡᠴᠠ ᠨᠢ ᠡᠬᠢᠯᠡᠨ ᠠᠪᠤ᠋ ᠡᠵᠢ᠂ ᠠᠬᠠᠰ ᠵᠠᠬᠠᠰ ᠢ ᠨᠢ ᠲᠠᠨᠢᠭᠤᠯᠵᠤ ᠳᠠᠭᠤᠳᠠᠭᠤᠯᠵᠦ ᠰᠤᠷᠭᠠᠬᠤ ᠪᠠ ᠲᠡᠷᠡᠴᠢᠯᠡᠨ ᠠᠵᠤ ᠠᠮᠢᠳᠤᠷᠠᠯ ᠲᠠᠢ ᠨᠢ ᠬᠤᠯᠪᠤᠭ᠎ᠠ ᠪᠦᠬᠦᠢ ᠲᠠᠪᠤᠨ ᠬᠤᠰᠢᠭᠤ ᠮᠠᠯ ᠡᠳ᠋ᠯᠡᠵᠦ ᠬᠡᠷᠡᠭᠯᠡᠵᠦ ᠪᠦᠬᠦᠢ ᠡᠳ᠋ ᠪᠤᠳᠠᠰ ᠵᠡᠷᠭᠡ ᠶ᠋ᠢ ᠦᠵᠡᠭᠦᠯᠵᠦ ᠢᠯᠭᠠᠭᠤᠯᠤᠨ ᠨᠡᠷᠡᠯᠡᠬᠦᠯᠵᠦ ᠰᠤᠷᠭᠠᠳᠠᠭ᠃ ᠦᠭᠡ ᠬᠡᠯᠡᠨ ᠳ᠋ᠤ ᠨᠡᠯᠢᠶᠡᠳ ᠤᠷᠤᠭᠠᠳ ᠢᠷᠡᠬᠦ ᠪᠠᠷ ᠨᠢ ᠦᠵᠡᠭᠳᠡᠵᠦ ᠬᠠᠷᠠᠭᠳᠠᠬᠤᠶᠢᠴᠠ ᠠᠮᠢᠳᠠᠨ᠂ ᠬᠡᠷᠡᠭ ᠪᠤᠳᠠᠰ ᠲᠠᠢ ᠬᠤᠯᠪᠤᠭᠳᠠᠬᠤ ᠬᠡᠯᠡ ᠪᠤᠯᠪᠠᠰᠤᠷᠠᠭᠤᠯᠬᠤ ᠦᠭᠡ ᠶ᠋ᠢ ᠶᠠᠷᠢᠭᠤᠯᠵᠦ ᠬᠡᠯᠡᠨ ᠤ ᠴᠤᠯᠴᠢᠷᠠᠭ᠎ᠠ ᠶ᠋ᠢ ᠨᠢ ᠲᠠᠶᠢᠯᠠᠬᠤ ᠲᠠᠳᠤᠯᠭ᠎ᠠ ᠬᠢᠯᠭᠡᠳᠡᠭ ᠨᠢ ᠭᠡᠷ ᠤᠨ ᠬᠦᠮᠦᠵᠢᠯ ᠤᠨ ᠬᠢᠨᠢ ᠴᠢᠬᠤᠯᠠ ᠨᠢᠭᠡ ᠠᠭᠤᠯᠭ᠎ᠠ ᠪᠤᠯᠳᠠᠭ᠃

      2.ᠮᠠᠯᠵᠢᠬᠤ ᠰᠤᠶᠤᠯ ᠤᠨ ᠤᠬᠢ ᠱᠦᠯᠲᠦ ᠪᠤᠯᠤᠭᠰᠠᠨ ᠮᠤᠩᠭᠤᠯ ᠠᠷᠠᠳ ᠤᠨ ᠶᠠᠪᠠᠭᠠᠨ ᠦᠯᠢᠭᠡᠷ᠂ ᠤᠨᠢᠰᠤᠭ᠎ᠠ ᠲᠠᠭᠠᠪᠤᠷᠢ᠂ ᠢᠷᠦᠭᠡᠯ ᠮᠠᠭᠲᠠᠭᠠᠯ ᠪᠤᠶᠤ ᠬᠡᠦᠬᠡᠳ ᠤᠨ ᠳᠤᠷ᠎ᠠ ᠲᠠᠭᠠᠰᠢᠶᠠᠯ ᠢ ᠪᠤᠯᠢᠶᠠᠬᠤᠶᠢᠴᠠ ᠠᠷᠠᠳ ᠤᠨ ᠠᠮᠠᠨ ᠵᠤᠬᠢᠶᠠᠯ᠂ ᠠᠷᠠᠳ ᠤᠨ ᠳᠠᠭᠤᠤ ᠪᠠᠷ ᠬᠡᠦᠬᠡᠳ ᠤᠨ ᠬᠡᠯᠡᠨ ᠤ ᠮᠡᠳᠡᠷᠡᠮᠵᠢ ᠶ᠋ᠢ ᠳᠡᠭᠡᠭᠰᠢᠯᠡᠭᠦᠯᠦᠨ ᠰᠡᠳᠬᠢᠴᠡ ᠶ᠋ᠢ ᠨᠢ ᠳᠡᠯᠡᠵᠦ ᠦᠭᠡᠰ ᠤᠨ ᠰᠠᠩ ᠢ ᠨᠢ ᠪᠠᠶᠠᠯᠢᠭᠵᠢᠭᠤᠯᠤᠨ ᠤᠶᠤᠨ ᠤ ᠬᠦᠭᠵᠢᠯᠲᠡ ᠶ᠋ᠢ ᠨᠢ ᠠᠬᠢᠭᠤᠯᠳᠠᠭ᠃ ᠡᠭᠦᠨ ᠳ᠋ᠤ ᠠᠮᠢᠲᠠᠨ ᠤ ᠦᠯᠢᠭᠡᠷ ᠪᠠ ᠲᠡᠦᠬᠡᠲᠦ ᠦᠯᠢᠭᠡᠷ ᠤᠳ ᠨᠢ ᠬᠡᠦᠬᠡᠳ ᠢ ᠰᠠᠶᠢᠨ ᠰᠠᠶᠢᠬᠠᠨ ᠤ ᠵᠦᠭ ᠬᠦᠲᠦᠯᠦᠨ ᠤᠬᠠᠭᠠᠷᠠᠭᠤᠯᠵᠦ ᠪᠠᠶᠢᠬᠤ ᠳ᠋ᠤ ᠤᠨᠢᠰᠤᠭ᠎ᠠ ᠲᠠᠭᠠᠪᠤᠷᠢ ᠨᠢ ᠶᠢᠷᠲᠢᠨᠴᠦ ᠳᠡᠯᠡᠬᠡᠢ ᠶ᠋ᠢ ᠲᠠᠯ᠎ᠠ ᠲᠠᠯ᠎ᠠ ᠡᠴᠠ ᠨᠢ ᠤᠬᠠᠪᠤᠷᠢᠯᠠᠵᠦ ᠲᠠᠨᠢᠬᠤ ᠳ᠋ᠤ ᠰᠡᠩᠬᠡᠷᠡᠭᠦᠯᠦᠯ ᠪᠤᠯᠳᠠᠭ᠃ ᠠᠷᠠᠳ ᠤᠨ ᠳᠠᠭᠤᠤ ᠢᠷᠦᠭᠡᠯ ᠮᠠᠭᠲᠠᠭᠠᠯ ᠨᠢ ᠬᠡᠯᠡ ᠰᠡᠳᠬᠢᠬᠦᠢ ᠶ᠋ᠢ ᠬᠦᠭᠵᠢᠭᠦᠯᠵᠦ᠂ ᠠᠪᠤᠨ ᠳᠤᠤᠷ᠎ᠠ ᠪᠠᠨ ᠰᠢᠯᠦᠭᠯᠡᠴᠢᠬᠡᠳᠡᠭ ᠠᠮᠢᠳᠤ ᠶᠠᠷᠢᠶᠠᠨ ᠤ ᠤᠷᠠᠨ ᠴᠢᠳᠠᠪᠤᠷᠢ ᠶ᠋ᠢ ᠨᠢ ᠨᠡᠮᠡᠭᠳᠡᠭᠦᠯᠳᠡᠭ ᠪᠠᠶᠢᠨ᠎ᠠ᠃

      3.《 ᠬᠦᠮᠦᠨ ᠪᠤᠯᠬᠤ ᠪᠠᠭ᠎ᠠ ᠡᠴᠠ ᠪᠠᠨ ᠬᠦᠯᠦᠭ ᠪᠤᠯᠬᠤ ᠤᠨᠠᠭᠠᠨ ᠡᠴᠠ ᠪᠠᠨ 》᠂ 《 ᠡᠷᠬᠡ ᠶ᠋ᠢ ᠰᠤᠷᠬᠤ ᠪᠠᠷ ᠪᠡᠷᠬᠡ ᠶ᠋ᠢ ᠰᠤᠷ 》 ᠭᠡᠵᠦ ᠦᠷ᠎ᠡ ᠬᠡᠦᠬᠡᠳ ᠢᠶᠡᠨ ᠪᠠᠯᠴᠢᠷ ᠪᠠᠭ᠎ᠠ ᠡᠴᠠ ᠨᠢ ᠲᠡᠰᠪᠦᠷᠢ ᠬᠠᠲᠠᠭᠤᠵᠢᠯᠲᠠᠢ᠂ ᠳᠠᠷᠤᠤ ᠨᠤᠮᠤᠬᠠᠨ᠂ ᠶᠤᠰᠦ ᠨᠤᠮ ᠲᠠᠢ ᠪᠤᠯᠬᠤ ᠶ᠋ᠢ ᠰᠤᠷᠭᠠᠮᠵᠢᠯᠠᠨ᠎ᠠ᠃ ᠶᠡᠷᠦ ᠨᠢ ᠡᠩᠬᠦᠷᠡᠶᠢᠯᠡᠵᠦ ᠪᠦᠪᠡᠶᠢᠯᠡᠵᠦ ᠡᠷᠬᠡ ᠲᠠᠩᠬᠢ ᠰᠤᠷᠭᠠᠬᠤ ᠡᠴᠠ  ᠵᠠᠶᠢᠯᠠᠰᠬᠢᠳᠠᠭ᠃ ᠡᠭᠦᠨ ᠳ᠋ᠤ ᠬᠠᠷ᠎ᠠ ᠪᠠᠭ᠎ᠠ ᠡᠴᠠ ᠨᠢ ᠮᠠᠯ ᠤᠨᠤᠭ᠎ᠠ ᠲᠠᠢ ᠨᠤᠴᠤᠯᠳᠤᠭᠤᠯᠤᠨ᠂ ᠲᠠᠪᠤᠨ ᠬᠤᠰᠢᠭᠤ ᠮᠠᠯ ᠢᠶᠡᠨ ᠵᠢᠰᠦᠯᠡᠨ ᠲᠠᠨᠢᠬᠤ᠂ ᠵᠦᠭ ᠴᠢᠭ᠂ ᠠᠭᠤᠯᠠ ᠲᠤᠯᠤᠭᠠᠳ ᠤᠰᠤ ᠮᠦᠷᠡᠨ ᠤ ᠪᠠᠶᠢᠷᠢᠰᠢᠯ  ᠵᠢᠴᠢ ᠲᠡᠳᠡᠭᠡᠷ ᠢ ᠨᠡᠷᠡᠯᠡᠨ ᠠᠮᠢᠳᠤᠷᠠᠯ ᠳᠤᠮᠳᠠ ᠪᠠᠨ ᠦᠢᠯᠡᠴᠢᠯᠡᠭᠦᠯᠬᠦ ᠲᠠᠳᠤᠯᠭ᠎ᠠ ᠪᠤᠯᠪᠠᠰᠤᠷᠠᠯ ᠢ ᠦᠷᠭᠦᠯᠵᠢ ᠬᠢᠯᠭᠡᠳᠡᠭ᠃ ᠮᠦᠨ ᠴᠦ ᠠᠬᠠᠰ ᠵᠠᠬᠠᠰ ᠢᠶᠡᠨ ᠬᠦᠨᠳᠦᠯᠡᠬᠦ᠂ ᠮᠠᠯ ᠠᠳᠤᠭᠤᠰᠤ᠂ ᠨᠤᠲᠤᠭ ᠤᠰᠤ᠂ ᠪᠠᠶᠢᠭᠠᠯᠢ ᠳᠡᠯᠡᠬᠡᠢ ᠳ᠋ᠤ ᠬᠠᠶᠢᠷᠠᠲᠠᠢ ᠪᠤᠯᠭᠠᠨ ᠬᠦᠮᠦᠵᠢᠭᠦᠯᠬᠦ ᠶ᠋ᠢ ᠴᠦ ᠶᠡᠬᠡᠲᠡ ᠴᠢᠬᠤᠯᠠᠴᠢᠯᠠᠨ᠎ᠠ᠃ ᠵᠤᠴᠢᠨ ᠭᠡᠶᠢᠴᠢᠨ ᠢᠷᠡᠬᠦ ᠳ᠋ᠤ ᠤᠨᠤᠭ᠎ᠠ ᠶ᠋ᠢ ᠲᠤᠰᠬᠤ᠂ ᠨᠤᠬᠠᠢ ᠬᠤᠷᠢᠬᠤ᠂ ᠠᠬᠠᠮᠠᠳ ᠨᠠᠰᠤᠲᠠᠨ ᠳ᠋ᠤ ᠮᠦᠷᠭᠦᠵᠦ ᠰᠦᠬᠦᠷᠡᠬᠦ ᠮᠡᠲᠦ ᠶ᠋ᠢᠨ ᠶᠤᠰᠤ ᠮᠤᠷᠠᠯ ᠢ ᠡᠷᠬᠢᠮᠯᠡᠬᠦ ᠶ᠋ᠢ ᠴᠦ ᠲᠦᠪ ᠴᠢᠩᠭ᠎ᠠ ᠪᠠᠷ ᠰᠤᠷᠭᠠᠳᠠᠭ᠃

      4. ᠮᠤᠩᠭᠤᠯᠴᠤᠳ ᠬᠡᠦᠬᠡᠳ ᠠᠴᠢᠨᠠᠷ ᠢᠶᠡᠨ ᠳᠠᠭᠠᠭᠤᠯᠤᠨ ᠬᠦᠳᠡᠯᠮᠦᠷᠢ ᠳ᠋ᠤ ᠲᠠᠳᠤᠯᠭᠠᠵᠢᠭᠤᠯᠬᠤ ᠶ᠋ᠢᠨ ᠳᠤᠮᠳᠠ ᠤᠯᠠᠨ ᠵᠦᠢᠯ ᠤᠨ ᠮᠡᠳᠡᠯᠭᠡ ᠴᠢᠳᠠᠪᠤᠷᠢ ᠬᠦᠷᠲᠡᠭᠡᠳᠡᠭ᠃ ᠮᠤᠩᠭᠤᠯ ᠠᠮᠢᠳᠤᠷᠠᠯ ᠤᠨ ᠤᠬᠢ ᠰᠢᠯᠢᠳᠡᠭ ᠤᠷᠠᠨ ᠨᠠᠷᠢᠨ ᠮᠡᠷᠭᠡᠵᠢᠯ᠂ ᠮᠤᠷᠢ ᠲᠡᠮᠡᠭᠡ ᠤᠨᠤᠬᠤ᠂ ᠮᠤᠷᠢᠨ ᠤ ᠡᠳ᠋ᠯᠡᠯ ᠬᠡᠷᠡᠭᠰᠡᠯ ᠳᠤᠳᠤᠮᠳᠠᠬᠤ᠂ ᠮᠠᠯ ᠬᠠᠷᠢᠭᠤᠯᠬᠤ᠂ ᠬᠠᠨ᠎ᠠ ᠦᠳᠡᠬᠦ᠂ ᠴᠢᠳᠦᠷ ᠮᠤᠰᠬᠢᠵᠦ ᠵᠠᠩᠭᠢᠳᠬᠤ᠂ ᠲᠡᠷᠯᠢᠭ ᠴᠠᠮᠴᠠ ᠡᠰᠬᠡᠵᠦ ᠤᠶᠤᠬᠤ᠂ ᠴᠠᠭᠠᠨ ᠢᠳᠡᠭᠡ ᠪᠤᠯᠪᠠᠰᠤᠷᠠᠭᠤᠯᠬᠤ᠂ ᠢᠰᠡᠭᠡᠢ ᠬᠢᠬᠦ᠂ ᠮᠤᠩᠭᠤᠯ ᠭᠡᠷ ᠬᠢᠬᠦ ᠮᠡᠲᠦ ᠪᠠᠷ ᠤᠯᠠᠨ ᠤᠯᠠᠨ ᠲᠠᠯ᠎ᠠ ᠪᠠᠷ ᠴᠠᠭᠠᠷᠠᠭᠤᠯᠳᠠᠭ ᠪᠠᠶᠢᠨ᠎ᠠ᠃ ᠭᠡᠭᠦ ᠳ᠋ᠤ ᠬᠡᠦᠬᠡᠳ ᠤᠨ ᠨᠠᠰᠤᠨ ᠤ ᠬᠡᠮᠵᠢᠶ᠎ᠡ ᠶ᠋ᠢ ᠠᠩᠬᠠᠷᠬᠤ ᠡᠴᠠ ᠭᠠᠳᠠᠨ᠎ᠠ ᠪᠦᠰᠡᠲᠡᠢ ᠪᠦᠰᠡᠬᠦᠢ ᠬᠡᠦᠬᠡᠳ ᠲᠤ ᠠᠳᠠᠯᠢ ᠪᠤᠰᠤ ᠵᠤᠷᠢᠯᠳᠠ ᠲᠠᠯᠪᠢᠨ ᠬᠦᠮᠦᠵᠢᠭᠦᠯᠳᠡᠭ ᠵᠤᠷᠰᠢᠯ ᠲᠠᠢ᠃ ᠲᠡᠭᠡᠬᠦ ᠳ᠋ᠤ ᠬᠡᠦᠬᠡᠳ ᠤᠨ ᠤᠷᠤᠯᠳᠤᠵᠦ ᠬᠢᠭᠰᠡᠨ ᠪᠦᠲᠦᠭᠡᠯ ᠪᠦᠬᠦᠨ ᠳ᠋ᠤ ᠨᠢ 《 ᠪᠤᠯᠤᠨ᠎ᠠ 》 ᠭᠢᠬᠦ ᠵᠤᠷᠢᠭᠵᠢᠭᠤᠯᠤᠯ ᠤᠨ ᠦᠭᠡ ᠱᠠᠩᠨᠠᠳᠠᠭ ᠨᠢ ᠬᠡᠦᠬᠡᠳ ᠤᠨ ᠦᠷᠭᠦᠯᠵᠢᠯᠡᠨ ᠴᠢᠷᠮᠠᠶᠢᠬᠤ ᠤᠷᠮ᠎ᠠ ᠵᠤᠷᠢᠭ ᠵᠢᠴᠢ ᠦᠪᠡᠷ ᠢ ᠪᠠᠨ ᠢᠲᠡᠭᠡᠬᠦ ᠬᠠᠯᠠᠭᠤᠨ ᠰᠡᠳᠬᠢᠯ ᠢ ᠨᠢ ᠤᠷᠭᠢᠯᠤᠭᠤᠯᠵᠦ ᠰᠡᠳᠬᠢᠵᠦ ᠰᠦᠪᠡᠭᠴᠢᠯᠡᠬᠦ ᠢᠳᠡᠪᠬᠢᠵᠢᠯ ᠢ ᠨᠢ ᠳᠠᠶᠢᠴᠢᠯᠠᠵᠤ ᠴᠢᠳᠠᠳᠠᠭ ᠪᠠᠶᠢᠨ᠎ᠠ᠃

      5.《 ᠴᠡᠭᠡᠷ ᠶᠤᠰᠤ ᠪᠤᠯ ᠨᠢᠭᠡ ᠭᠠᠶᠢᠬᠠᠮᠰᠢᠭᠲᠤ ᠰᠤᠶᠤᠯ 》᠂ ᠮᠤᠩᠭᠤᠯᠴᠤᠳ ᠬᠡᠦᠬᠡᠳ ᠪᠠᠭᠠᠴᠤᠳ ᠢ ᠲᠤᠳᠤᠮᠳᠠᠨ ᠰᠤᠷᠭᠠᠬᠤ ᠳ᠋ᠤ ᠪᠠᠨ ᠴᠡᠭᠡᠷ ᠶᠤᠰᠤ ᠬᠠᠪᠤᠲᠠᠢ ᠠᠰᠢᠭᠯᠠᠨ ᠤᠯᠠᠨ ᠵᠦᠢᠯ ᠤᠨ ᠮᠡᠳᠡᠯᠭᠡ ᠬᠦᠷᠲᠡᠭᠡᠬᠦ ᠶ᠋ᠢᠨ ᠬᠠᠮᠲᠤ ᠬᠦᠮᠦᠨ ᠪᠤᠯᠬᠤ ᠶ᠋ᠢᠨ ᠶᠤᠰᠤ ᠤᠴᠢᠷ ᠢ ᠮᠡᠳᠡᠭᠦᠯᠳᠡᠭ᠃ ᠵᠢᠱᠢᠶᠡᠯᠡᠪᠡᠯ᠄ ᠠᠪᠤ᠋ ᠡᠵᠢ᠂ ᠠᠬᠠᠰ ᠵᠠᠬᠠᠰ ᠢᠶᠡᠨ ᠨᠡᠷᠡᠯᠡᠨ ᠳᠠᠭᠤᠳᠠᠬᠤ ᠶ᠋ᠢ ᠴᠡᠭᠡᠷᠯᠡᠬᠦ᠂ ᠡᠷᠡᠮᠳᠡᠭ ᠵᠡᠷᠡᠮᠳᠡᠭ ᠬᠦᠮᠦᠨ ᠢ ᠡᠯᠡᠭᠯᠡᠨ ᠳᠤᠭᠤᠭᠢᠯᠠᠬᠤ ᠪᠠ ᠪᠤᠵᠠᠷ ᠮᠠᠭᠤᠬᠠᠢ ᠦᠭᠡ ᠶᠠᠷᠢᠬᠤ ᠶ᠋ᠢ ᠴᠡᠭᠡᠷᠯᠡᠵᠦ ᠬᠦᠨᠳᠦᠯᠡᠵᠦ ᠬᠦᠨᠳᠦᠳᠬᠡᠬᠦ ᠪᠤᠯᠪᠠᠰᠤᠨ  ᠰᠠᠶᠢᠬᠠᠨ ᠰᠤᠷᠳᠠᠯ ᠲᠠᠢ ᠪᠤᠯᠬᠤ ᠳ᠋ᠤ ᠬᠦᠲᠦᠯᠳᠡᠭ᠃ ᠭᠠᠯ ᠤᠰᠤ ᠵᠢᠴᠢ ᠬᠠᠶᠢᠴᠢ ᠬᠢᠲᠤᠭ᠎ᠠ᠂ ᠰᠢᠪᠦᠭᠡ ᠮᠡᠲᠦ ᠪᠠᠷ ᠨᠠᠭᠠᠳᠬᠤ ᠶ᠋ᠢ ᠴᠡᠭᠡᠷᠯᠡᠵᠦ᠂ ᠠᠮᠤᠷ ᠲᠦᠪᠰᠢᠨ ᠤ ᠲᠠᠯ᠎ᠠ ᠶ᠋ᠢᠨ ᠬᠦᠮᠦᠵᠢᠯ ᠢ ᠴᠦ ᠤᠷᠠᠯᠢᠭ ᠢᠶᠠᠷ ᠬᠢᠳᠡᠭ ᠪᠠᠶᠢᠵᠠᠢ᠃ ᠨᠡᠩ ᠴᠦ ᠮᠤᠩᠭᠤᠯ ᠭᠠᠵᠠᠷ ᠤᠨ ᠬᠡᠦᠬᠡᠳ ᠢ ᠠᠳᠡ ᠲᠡᠨᠳᠡ ᠭᠠᠵᠠᠷ ᠤᠬᠤᠬᠤ᠂ ᠰᠢᠪᠠᠭᠤ ᠱᠠᠭᠠᠵᠠᠭᠠᠢ ᠶ᠋ᠢᠨ ᠡᠭᠦᠷ ᠠᠭᠤᠳᠠᠯᠯᠠᠵᠦ ᠠᠮᠢᠲᠠᠨ ᠠᠷᠢᠶᠠᠲᠠᠨ ᠢ ᠳᠤᠷ᠎ᠠ ᠪᠠᠷ ᠨᠢᠲᠤᠯᠬᠤ᠂ ᠡᠪᠡᠰᠦ ᠮᠤᠳᠤ ᠶ᠋ᠢ ᠬᠤᠭᠤᠴᠢᠵᠦ ᠤᠷᠴᠢᠨ ᠠᠬᠤᠢ ᠶ᠋ᠢ ᠰᠦᠢᠳᠬᠡᠬᠦ ᠶ᠋ᠢ ᠤᠨᠴᠠ ᠴᠡᠭᠡᠷᠯᠡᠭᠦᠯᠵᠦ ᠪᠠᠶᠢᠭᠠᠯᠢ ᠳᠡᠯᠡᠬᠡᠢ ᠶ᠋ᠢ  ᠬᠠᠶᠢᠷᠠᠯᠠᠵᠤ ᠬᠠᠮᠠᠭᠠᠯᠠᠬᠤ ᠶᠤᠰᠤ ᠶ᠋ᠢ ᠦᠶ᠎ᠡ ᠤᠯᠠᠮᠵᠢᠯᠠᠨ ᠰᠤᠷᠭᠠᠳᠠᠭ ᠪᠠᠶᠢᠨ᠎ᠠ᠃ ᠮᠤᠩᠭᠤᠯᠴᠤᠳ ᠤᠨ ᠡᠳᠡᠭᠡᠷ ᠰᠠᠶᠢᠬᠠᠨ ᠭᠡᠷ ᠤᠨ ᠬᠦᠮᠦᠵᠢᠯ ᠨᠢ ᠬᠡᠦᠬᠡᠳ ᠤᠨ ᠢᠷᠡᠭᠡᠳᠦᠢ ᠶ᠋ᠢᠨ ᠰᠠᠶᠢᠨ ᠰᠠᠶᠢᠬᠠᠨ ᠳ᠋ᠤ ᠰᠢᠭᠤᠳ ᠨᠦᠯᠦᠭᠡᠯᠡᠨ ᠦᠩᠭᠡᠲᠡᠢ ᠦᠭᠡᠳᠡᠲᠡᠢ ᠶᠠᠪᠤᠬᠤ ᠳ᠋ᠤ ᠠᠬᠢᠭᠤᠯᠬᠤ ᠦᠢᠯᠡᠳᠦᠯ ᠦᠵᠡᠬᠦᠯᠵᠦ ᠪᠠᠶᠢᠳᠠᠭ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ