《 ᠠᠩᠬᠠᠳᠤᠭᠠᠷ ᠬᠤᠭᠤᠴᠠᠭᠠᠨ ‍ᠤ ᠳᠡᠯᠡᠬᠡᠢ ᠬᠣᠲᠠ ᠶ᠋ᠢᠨ ᠣᠯᠠᠨ ᠤᠯᠤᠰ ‍ᠤᠨ ᠥᠨᠳᠥᠷᠯᠢᠭ ‍ᠤᠨ ᠳᠠᠭᠤᠤ ᠬᠥᠭᠵᠢᠮ ‍ᠤᠨ ᠨᠠᠶᠢᠷ ᠵᠢᠴᠢ ᠬᠥᠷᠯᠥᠭ ᠨᠠᠭᠤᠷ ‍ᠤᠨ ᠨᠠᠢᠮᠠᠯᠵᠢ ᠶ᠋ᠢᠨ ᠠᠮᠲᠠᠲᠤ ᠢᠳᠡᠭᠡᠨ ‍ᠤ ᠨᠠᠶᠢᠷ 》 ᠳᠡᠯᠡᠬᠡᠢ ᠬᠣᠲᠠ ᠳ᠋ᠤ ᠶᠠᠪᠤᠭᠳᠠᠬᠤ ᠪᠣᠯᠣᠨ᠎ᠠ

ᠤᠩᠰᠢᠭᠰᠠᠨ ᠤᠳᠠᠭ᠎ᠠ ᠄ 850    ᠨᠡᠶᠢᠳᠡᠯᠡᠭᠰᠡᠨ ᠴᠠᠭ ᠄ 2016-08-16

     《 ᠠᠩᠬᠠᠳᠤᠭᠠᠷ ᠬᠤᠭᠤᠴᠠᠭᠠᠨ ‍ᠤ ᠳᠡᠯᠡᠬᠡᠢ ᠬᠣᠲᠠ ᠶ᠋ᠢᠨ ᠣᠯᠠᠨ ᠤᠯᠤᠰ ‍ᠤᠨ ᠥᠨᠳᠥᠷᠯᠢᠭ ‍ᠤᠨ ᠳᠠᠭᠤᠤ ᠬᠥᠭᠵᠢᠮ ‍ᠤᠨ ᠨᠠᠶᠢᠷ ᠵᠢᠴᠢ ᠬᠥᠷᠯᠥᠭ ᠨᠠᠭᠤᠷ ‍ᠤᠨ ᠨᠠᠢᠮᠠᠯᠵᠢ ᠶ᠋ᠢᠨ ᠠᠮᠲᠠᠲᠤ ᠢᠳᠡᠭᠡᠨ ‍ᠤ ᠨᠠᠶᠢᠷ 》 2016 ᠣᠨ ‍ᠤ 8 ᠰᠠᠷ᠎ᠠ ᠶ᠋ᠢᠨ15 ᠠᠴᠠ 17 ᠪᠣᠯᠲᠠᠯ᠎ᠠ ᠳᠡᠯᠡᠬᠡᠢ ᠬᠣᠲᠠ ᠳ᠋ᠤ ᠶᠠᠪᠤᠭᠳᠠᠬᠤ ᠪᠣᠯᠣᠨ᠎ᠠ᠃
     ᠲᠤᠰ ᠨᠠᠶᠢᠷ ᠲᠤ ᠥᠨᠳᠥᠷᠯᠢᠭ ‍ᠤᠨ ᠤᠯᠠᠭᠠᠨ ᠬᠠᠮᠲᠤᠯᠢᠭ᠂ ᠵᠠᠯᠮ᠎ᠠ ᠬᠠᠷ᠎ᠠ ᠬᠠᠮᠲᠤᠯᠢᠭ᠂ ᠳᠤᠷᠤᠨᠠᠲᠤ ᠶ᠋ᠢᠨ ᠠᠵᠢᠨᠠᠢ ᠬᠠᠮᠲᠤᠯᠢᠭ᠂ ᠴᠠᠶᠢᠳᠠᠮ ‍ᠤᠨ ᠦᠨᠳᠦᠰᠦᠲᠡᠨ ‍ᠤ ᠬᠠᠮᠲᠤᠯᠢᠭ᠂ ᠲᠤᠭᠤᠷᠭᠠᠲᠠᠨ ᠬᠠᠮᠲᠤᠯᠢᠭ᠂ ᠵᠤᠯᠠ ᠬᠠᠮᠲᠤᠯᠢᠭ᠂ ᠨᠡᠭᠦᠳᠡᠯᠴᠢᠨ ᠬᠠᠮᠲᠤᠯᠢᠭ᠂ ᠬᠠᠩᠭᠠᠢ ᠬᠠᠮᠲᠤᠯᠢᠭ᠂ ᠬᠠᠶᠢᠰᠢ ᠵᠸᠦ ᠶ᠋ᠢᠨ ᠦᠨᠳᠦᠰᠦᠲᠡᠨ ‍ᠦ ᠳᠠᠭᠤᠤ ᠪᠥᠵᠢᠭ ᠦᠨ ᠪᠥᠯᠬᠥᠮ᠂ ᠬᠠᠨ ᠴᠡᠩᠭᠡᠯ ᠤᠷᠠᠯᠢᠭ ᠤᠨ ᠪᠥᠯᠬᠥᠮ᠂ ᠨᠢᠮ᠎ᠠ ᠬᠠᠮᠲᠤᠯᠢᠭ᠂ ᠯᠢᠩ ᠳ᠋ᠢᠶᠠᠨ ᠬᠠᠮᠲᠤᠯᠢᠭ ᠵᠢᠴᠢ ᠮᠣᠩᠭᠣᠯ ᠤᠯᠤᠰ ‍ᠤᠨ ᠬᠤᠷᠳᠤ ᠬᠠᠮᠲᠤᠯᠢᠭ᠂ ᠣᠷᠣᠰ ‍ᠤᠨ ᠬᠣᠯᠪᠣᠭᠠᠨ ‍ᠤ ᠪᠦᠭᠦᠳᠡ ᠨᠠᠶᠢᠷᠠᠮᠳᠠᠬᠤ ᠲᠤᠸᠠ ᠤᠯᠤᠰ ‍ᠤᠨ Huun Huur Tu ᠬᠠᠮᠲᠤᠯᠢᠭ ᠵᠡᠷᠭᠡ ᠬᠣᠷᠢ ᠭᠠᠷᠤᠢ ᠨᠡᠷᠡᠲᠦ ᠬᠠᠮᠲᠤᠯᠢᠭ ᠤᠳ ᠮᠣᠷᠢᠯᠠᠨ ᠰᠠᠭᠠᠲᠠᠵᠤ ᠠᠶ᠎ᠠ ᠳᠠᠭᠤᠤ ᠪᠠᠨ ᠡᠷᠭᠦᠬᠦ ᠪᠣᠯᠣᠨ᠎ᠠ᠃ ᠲᠠ ᠪᠦᠬᠦᠨ ᠥᠨᠥᠳᠥᠷ ‍ᠤᠨ 18᠄ 00 ᠲᠤ ᠶᠠᠪᠤᠭᠳᠠᠬᠤ ᠨᠠᠶᠢᠷ ‍ᠢ 《 ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ 》 ᠵᠢᠴᠢ 《 ᠲᠡᠭᠷᠢ ᠲᠠᠯ᠎ᠠ 》 ᠭᠠᠷ ᠤᠲᠠᠰᠤᠨ ᠤ ᠰᠣᠹᠲ ᠡᠴᠠ ᠬᠠᠷᠠᠭᠠᠷᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ