《 ᠲᠡᠭᠷᠢ ᠲᠠᠯ᠎ᠠ 》 ᠺᠣᠮᠫᠠᠨᠢ ᠶ᠋ᠢᠨ ᠰᠢᠨ᠎ᠡ ᠵᠠᠭᠤᠴᠢᠯᠠᠭᠤᠷ ‍ᠤᠨ ᠲᠥᠪ ‍ᠤᠨ ᠬᠢᠨ ᠬᠥᠬᠡᠨᠠᠭᠤᠷ ᠮᠣᠵᠢ ᠶ᠋ᠢᠨ ᠬᠠᠶᠢᠰᠢ ᠵᠸᠦ ᠳ᠋ᠤ ᠬᠦᠷᠴᠦ ᠰᠢᠭᠤᠳ ᠨᠡᠪᠲᠡᠷᠡᠭᠦᠯᠭᠡ ᠶ᠋ᠢᠨ ᠠᠵᠢᠯ ᠢᠶᠡᠨ ᠦᠷᠭᠦᠯᠵᠢᠯᠡᠭᠦᠯᠵᠦ ᠪᠠᠶᠢᠨ᠎ᠠ

ᠤᠩᠰᠢᠭᠰᠠᠨ ᠤᠳᠠᠭ᠎ᠠ ᠄ 774    ᠨᠡᠶᠢᠳᠡᠯᠡᠭᠰᠡᠨ ᠴᠠᠭ ᠄ 2016-08-10

       2016 ᠣᠨ ‍ᠤ 8 ᠰᠠᠷ᠎ᠠ ᠶ᠋ᠢᠨ 11 ᠡᠳᠦᠷ ᠶᠠᠪᠤᠭᠳᠠᠬᠤ 《 2016 ᠳᠤᠮᠳᠠᠳᠤ ᠤᠯᠤᠰ · ᠴᠠᠶᠢᠳᠠᠮ ‍ᠤᠨ ᠠᠷᠠᠳ ‍ᠤᠨ ᠳᠠᠭᠤᠤ ᠶ᠋ᠢᠨ ᠴᠤᠭᠯᠠᠭᠠᠨ 》᠂ 《 ᠴᠠᠶᠢᠳᠠᠮ  ‍ᠤᠨ ᠮᠠᠭᠲᠠᠭᠠᠯ 》 ᠲᠣᠮᠣ ᠬᠡᠯᠪᠡᠷᠢ ᠶ᠋ᠢᠨ ᠤᠷᠠᠨ ᠰᠠᠶᠢᠬᠠᠨ ‍ᠤ ᠲᠣᠭᠯᠠᠯᠲᠠ ᠵᠢᠴᠢ 2016 ᠣᠨ ‍ᠤ 8 ᠰᠠᠷ᠎ᠠ ᠶ᠋ᠢᠨ 13 — 14 ‍ᠤ ᠡᠳᠦᠷ ᠪᠣᠯᠲᠠᠯ᠎ᠠ ᠶᠠᠪᠤᠭᠳᠠᠬᠤ 《 ᠠᠩᠬᠠᠳᠤᠭᠠᠷ ᠤᠳᠠᠭᠠᠨ ‍ᠤ ᠳᠡᠭᠡᠳᠦ ᠮᠣᠩᠭᠣᠯ ‍ᠤᠨ ᠠᠷᠠᠳ ‍ᠤᠨ ᠳᠠᠭᠤᠤ ᠶ᠋ᠢᠨ ᠨᠠᠶᠢᠷ 》᠂ 《 ᠳᠡᠭᠡᠳᠦ ᠮᠣᠩᠭᠣᠯ ‍ᠤᠨ ᠠᠷᠠᠳ ‍ᠤᠨ ᠳᠠᠭᠤᠤ ᠶ᠋ᠢᠨ ᠣᠯᠠᠨ ᠤᠯᠤᠰ ‍ᠤᠨ ᠡᠷᠳᠡᠮ ᠰᠢᠨᠵᠢᠯᠡᠭᠡᠨ ‍ᠤ ᠬᠣᠷᠠᠯ 》 ‍ᠢ ᠥᠪᠥᠷ ᠮᠣᠩᠭᠣᠯ ‍ᠤᠨ 《 ᠲᠡᠭᠷᠢ ᠲᠠᠯ᠎ᠠ 》 ᠰᠣᠶᠣᠯ ᠵᠠᠭᠤᠴᠢ ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶ᠋ᠢᠨ ᠰᠢᠨ᠎ᠡ ᠵᠠᠭᠤᠴᠢᠯᠠᠭᠤᠷ ‍ᠤᠨ ᠲᠥᠪ ᠨᠢ ᠳᠠᠭᠠᠭᠤᠯᠢ ᠣᠳᠣᠨ ᠢᠶ᠋ᠡᠷ ᠰᠢᠭᠤᠳ ᠨᠡᠪᠲᠡᠷᠡᠭᠦᠯᠵᠦ᠂ 《 ᠲᠡᠭᠷᠢ ᠲᠠᠯ᠎ᠠ ᠳᠠᠭᠤᠤ ᠬᠥᠭᠵᠢᠮ ‍ᠤᠨ ᠰᠦᠯᠵᠢᠶ᠎ᠡ 》 ᠵᠢᠴᠢ ᠭᠠᠷ ᠤᠲᠠᠰᠤᠨ ‍ᠤ ᠰᠣᠹᠲ ᠢᠶᠠᠷ ᠦᠵᠡᠭᠴᠢᠳ ᠲᠤ ᠪᠠᠨ ᠬᠦᠷᠭᠡᠬᠦ ᠪᠠᠷ ᠪᠠᠶᠢᠨ᠎ᠠ᠃
      ᠬᠥᠬᠡᠨᠠᠭᠤᠷ ᠮᠣᠵᠢ ᠶ᠋ᠢᠨ ᠳᠤᠯᠠᠭᠠᠨ ᠰᠢᠶᠠᠨ ‍ᠤ ᠵᠡᠭᠦᠨ ᠪᠠᠯᠭᠠᠰᠤᠨ ‍ᠤ ᠡᠰᠡᠯᠵᠢᠨ ᠲᠤᠰᠬᠤᠨ ‍ᠤ ᠵᠣᠰᠠᠯᠠᠩ ᠳ᠋ᠤ ᠶᠠᠪᠤᠭᠳᠠᠬᠤ ᠠᠷᠠᠳ ‍ᠤᠨ ᠳᠠᠭᠤᠤ ᠶ᠋ᠢᠨ ᠨᠠᠶᠢᠷ ᠪᠠ ᠣᠯᠠᠨ ᠤᠯᠤᠰ ‍ᠤᠨ ᠡᠷᠳᠡᠮ ᠰᠢᠨᠵᠢᠯᠡᠭᠡᠨ ‍ᠤ ᠬᠤᠷᠠᠯ ᠳ᠋ᠤ ᠮᠣᠩᠭᠣᠯ ᠦᠨᠳᠦᠰᠦᠲᠡᠨ ‍ᠤ ᠠᠯᠳᠠᠷᠲᠤ ᠳᠠᠭᠤᠴᠢᠨ ᠯᠾᠠᠰᠦ᠋ᠷᠦᠩ᠂ ᠠᠯᠲᠠᠨᠴᠡᠴᠡᠭ᠂ ᠴᠢᠯᠠᠭᠤᠨᠪᠠᠲᠤ᠂ ᠴᠡᠴᠡᠭᠮ᠎ᠠ ᠨᠠᠷ ᠭᠡᠷᠡᠯᠲᠦᠭᠦᠯᠦᠨ ᠰᠠᠭᠠᠲᠠᠬᠤ ᠶ᠋ᠢᠨ ᠬᠠᠮᠲᠤ ᠪᠦᠬᠦ ᠳᠡᠯᠡᠬᠡᠢ ᠶ᠋ᠢᠨ ᠬᠡᠪᠴᠢᠶᠡᠨ ‍ᠤ ᠮᠣᠩᠭᠣᠯ ᠠᠷᠠᠳ ‍ᠤᠨ ᠳᠠᠭᠤᠤ ᠶ᠋ᠢ ᠰᠣᠳᠣᠯᠣᠨ ᠠᠩᠬᠠᠷᠴᠤ ᠪᠠᠶᠢᠭ᠎ᠠ ᠡᠷᠳᠡᠮᠲᠡᠨ ᠮᠡᠷᠭᠡᠳ ᠣᠷᠣᠯᠴᠠᠬᠤ ᠪᠣᠯᠣᠨ᠎ᠠ᠃
      ᠲᠠ ᠪᠦᠬᠦᠨ ᠲᠣᠬᠠᠢ ᠶ᠋ᠢᠨ ᠴᠠᠭ ᠲᠤ ᠨᠢ 《 ᠴᠠᠶᠢᠳᠠᠮ ᠰᠣᠶᠣᠯ ‍ᠤᠨ ᠰᠦᠯᠵᠢᠶ᠎ᠡ 》᠂ 《 ᠳᠤᠮᠳᠠᠳᠤ ᠤᠯᠤᠰ · ᠴᠠᠶᠢᠳᠠᠮ ᠳᠠᠭᠤᠤ ᠬᠥᠭᠵᠢᠮ ‍ᠤᠨ ᠰᠦᠯᠵᠢᠶ᠎ᠡ 》᠂ 《 ᠦᠨᠳᠦᠰᠦ 》 ᠳᠡᠭᠡᠳᠦ ᠮᠣᠩᠭᠣᠯ ‍ᠤᠨ ᠰᠣᠶᠣᠯ ᠰᠣᠳᠣᠯᠭᠠᠨ ‍ᠤ ᠨᠡᠶᠢᠭᠡᠮᠯᠢᠭ ‍ᠤᠨ ᠰᠦᠯᠵᠢᠶ᠎ᠡ᠂ 《 ᠲᠡᠭᠷᠢ ᠲᠠᠯ᠎ᠠ ᠳᠠᠭᠤᠤ ᠬᠥᠭᠵᠢᠮ ‍ᠤᠨ ᠰᠦᠯᠵᠢᠶ᠎ᠡ 》 ᠵᠢᠴᠢ 《 ᠲᠡᠭᠷᠢ ᠲᠠᠯ᠎ᠠ 》 ᠭᠠᠷ ᠤᠲᠠᠰᠤᠨ ‍ᠤ ᠰᠣᠹᠲ ᠳ᠋ᠤ ᠠᠩᠬᠠᠷᠤᠯ ᠢᠶᠡᠨ ᠬᠠᠨᠳᠤᠭᠤᠯᠵᠤ᠂ ᠬᠦᠯᠢᠶᠡᠨ ᠠᠪᠴᠤ ᠰᠣᠨᠢᠷᠬᠠᠭᠠᠷᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ