ᠬᠠᠯᠠᠭᠠᠢ ᠶ᠋ᠢᠨ ᠠᠴᠢ ᠲᠤᠰᠠ

ᠤᠩᠰᠢᠭᠰᠠᠨ ᠤᠳᠠᠭ᠎ᠠ ᠄ 1150    ᠨᠡᠶᠢᠳᠡᠯᠡᠭᠰᠡᠨ ᠴᠠᠭ ᠄ 2016-08-08

      ᠲᠠᠪᠤᠨ ᠰᠠᠷ᠎ᠠ ᠶ᠋ᠢᠨ ᠬᠠᠯᠠᠭᠠᠢ ᠶ᠋ᠢ ᠠᠷᠠᠳ ᠤᠨ ᠤᠯᠠᠮᠵᠢᠯᠠᠯᠲᠤ ᠡᠮᠴᠢᠯᠡᠭᠡᠨ ᠳ᠋ᠤ ᠥᠷᠭᠡᠨ ᠬᠡᠷᠡᠭᠯᠡᠳᠡᠭ᠃ 5 ᠳ᠋ᠤᠭᠠᠷ ᠰᠠᠷ᠎ᠠ ᠶ᠋ᠢᠨ ᠳᠤᠮᠳᠠ ᠦᠶᠡᠰ ᠣᠢ ᠶ᠋ᠢᠨ ᠵᠠᠬ᠎ᠠ ᠡᠰᠡᠪᠡᠯ ᠬᠡᠭᠡᠷ᠎ᠡ ᠶ᠋ᠢᠨ ᠭᠤᠤ ᠵᠢᠯᠠᠭ᠎ᠠ ᠡᠴᠠ ᠬᠠᠯᠠᠭᠠᠢ ᠶ᠋ᠢ ᠲᠡᠭᠦᠵᠦ ᠪᠣᠯᠤᠨ᠎ᠠ᠃ ᠡᠨᠡ ᠦᠶ᠎ᠡ ᠳ᠋ᠤ ᠬᠠᠯᠠᠭᠠᠢ 25 ᠊᠊᠊᠊᠊ 30 ᠰᠠᠠᠲ᠋ᠢᠮᠸᠲ᠋ᠷ ᠤᠷᠭᠤᠭᠰᠠᠨ ᠪᠠᠶᠢᠳᠠᠭ᠂ ᠲᠠᠪᠤᠨ ᠰᠠᠷ᠎ᠠ ᠶ᠋ᠢᠨ ᠬᠠᠯᠠᠭᠠᠢ ᠶ᠋ᠢ ᠬᠠᠲᠠᠭᠠᠵᠤ ᠡᠰᠡᠪᠡᠯ ᠰᠢᠭᠤᠳ ᠬᠡᠷᠡᠭᠯᠡᠵᠦ ᠪᠣᠯᠤᠨ᠎ᠠ᠃ ᠬᠠᠯᠠᠭᠠᠢ ᠨᠢ ᠠᠮᠢᠨ ᠳᠡᠮ ᠢᠶᠠᠷ ᠪᠠᠶᠠᠯᠢᠭ ᠲᠤᠯᠠ ᠪᠡᠶ᠎ᠡ ᠶ᠋ᠢᠨ ᠳᠠᠷᠬᠠᠯᠠᠭ᠎ᠠ ᠲᠡᠳᠬᠦᠬᠦ᠂ ᠭᠣᠸ᠎ᠠ ᠰᠠᠶᠢᠬᠠᠨ ᠢ ᠵᠢᠪᠬᠤᠭᠠᠵᠢᠭᠤᠯᠬᠤ ᠵᠣᠷᠢᠯᠭ᠎ᠠ ᠪᠠᠷ  ᠬᠣᠭᠣᠯᠠ ᠬᠦᠨᠡᠰᠦᠨ ᠳ᠋ᠤ ᠡᠮᠴᠢᠯᠡᠭᠡᠨ ᠤ ᠵᠢᠷᠤᠮ ᠢᠶᠠᠷ ᠮᠥᠨ ᠭᠠᠳᠠᠭᠤᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃ ᠲᠠᠪᠤᠨ ᠰᠠᠷ᠎ᠠ ᠶ᠋ᠢᠨ ᠬᠠᠯᠠᠭᠠᠢ ᠶ᠋ᠢ ᠲᠡᠭᠦᠵᠦ ᠱᠥᠯᠥ ᠬᠤᠤᠱᠤᠷᠠᠨ ᠳ᠋ᠤ ᠬᠢᠵᠦ ᠢᠳᠡᠬᠦ ᠳ᠋ᠤ ᠶᠠᠳᠠᠷᠠᠭ᠎ᠠ  ᠲᠠᠶᠢᠯᠤᠭᠳᠠᠳᠠᠭ᠃ ᠶᠡᠷᠦᠨᠢ ᠬᠠᠯᠠᠭᠠᠢ ᠶ᠋ᠢ ᠵᠠᠪᠠᠯ ᠲᠠᠪᠤᠨ ᠰᠠᠷ᠎ᠠ ᠭᠡᠰᠡᠨ ᠦᠭᠡᠢ 8 ᠊᠊᠊᠊᠊ 9 ᠰᠠᠷ᠎ᠠ ᠳ᠋ᠤ ᠴᠤ ᠲᠡᠭᠦᠨ ᠠᠪᠴᠤ ᠬᠠᠲᠠᠭᠠᠵᠤ ᠬᠡᠷᠡᠭᠯᠡᠵᠦ ᠪᠣᠯᠤᠨ᠎ᠠ᠃ ᠬᠠᠯᠠᠭᠠᠢ ᠨᠢ ᠸᠢᠲ᠋ᠠᠮᠢᠨ C ᠊᠊᠊ K ᠪᠠᠷ ᠪᠠᠶᠠᠯᠢᠭ᠂ ᠤᠭᠤᠷᠠᠭ᠂ ᠲᠡᠮᠦᠷ ᠵᠡᠷᠭᠡ ᠡᠯᠧᠮᠧᠨ᠋ᠲ ᠤᠳ ᠢ ᠶᠡᠬᠡ ᠬᠡᠮᠵᠢᠶ᠎ᠡ ᠪᠠᠷ ᠠᠭᠤᠯᠳᠠᠭ᠃ ᠴᠢᠰᠤ ᠪᠠᠭᠠᠳᠠᠯᠲᠠ ᠲᠠᠢ ᠬᠦᠮᠦᠰ 500 ᠭᠷᠠᠮ ᠵᠥᠭᠡᠢ ᠶ᠋ᠢᠨ ᠪᠠᠯ ᠳ᠋ᠤ 100 ᠭᠷᠠᠮ ᠬᠠᠲᠠᠭᠠᠵᠤ ᠨᠤᠨᠲᠠᠭᠯᠠᠭᠰᠠᠨ ᠬᠠᠯᠠᠭᠠᠢ ᠶ᠋ᠢ ᠬᠢᠵᠦ  ᠨᠠᠶᠢᠷᠠᠭᠤᠯᠤᠨ᠂ ᠬᠣᠭᠣᠯᠠᠯᠠᠭᠰᠠᠨ ᠤ ᠳᠠᠷᠠᠭ᠎ᠠ᠂ ᠡᠳᠤᠷ ᠲᠤ ᠠᠮᠠᠨ ᠬᠠᠯᠪᠠᠭ᠎ᠠ ᠪᠠᠷ 3 ᠤᠳᠠᠭ᠎ᠠ ᠤᠤᠭᠤᠨ᠎ᠠ᠃         

      ᠡᠯᠢᠭᠡ ᠰᠥᠰᠦ ᠬᠣᠳᠣᠭᠣᠳᠣ ᠰᠢᠯᠤᠭᠤᠨ ᠭᠡᠳᠡᠰᠦᠨ ᠤ ᠰᠠᠯᠢᠰᠤᠲᠤ ᠶ᠋ᠢᠨ ᠦᠷᠪᠢᠰᠦᠯ᠂ ᠴᠠᠭᠠᠨ ᠮᠢᠬ᠎ᠠ ᠡᠷᠭᠢᠬᠦ᠂ ᠨᠣᠶᠢᠷ ᠬᠤᠯᠵᠢᠬᠤ᠂ ᠤᠰᠤᠨ ᠬᠠᠪᠤᠩ ᠬᠥᠭᠡᠬᠦ᠂ ᠡᠮᠡᠭᠲᠡᠶᠢᠴᠦᠳ ᠤᠨ ᠰᠠᠪᠠᠨ ᠤ ᠡᠪᠡᠳᠴᠢᠨ ᠳ᠋ᠤ ᠬᠠᠯᠠᠭᠠᠢ ᠶ᠋ᠢ ᠥᠷᠭᠡᠨ ᠬᠡᠷᠡᠭᠯᠡᠨ᠎ᠡ᠃ ᠡᠭᠦᠨ ᠤ ᠲᠤᠯᠠᠳᠠ 200 ᠮᠢᠯᠢᠯᠢᠲ᠋ᠷ ᠬᠠᠯᠠᠭᠤᠨ ᠤᠰᠤᠨ ᠳ᠋ᠤ ᠬᠠᠲᠠᠭᠠᠵᠤ ᠨᠤᠨᠲᠠᠭᠯᠠᠭᠰᠠᠨ ᠨᠢᠭᠡ ᠴᠠᠶᠢᠨ ᠤ ᠬᠠᠯᠪᠠᠭ᠎ᠠ ᠬᠠᠯᠠᠭᠠᠢ ᠶ᠋ᠢ ᠬᠢᠵᠦ 1 ᠴᠠᠭ ᠣᠷᠴᠢᠮ ᠢᠳᠡᠭᠡᠰᠢᠭᠦᠯᠵᠦ᠂ ᠡᠳᠤᠷ ᠲᠤ ᠭᠤᠷᠪᠠ ᠬᠤᠪᠢᠶᠠᠨ ᠬᠣᠭᠣᠯᠠᠨ ᠤ ᠳᠠᠷᠠᠭ᠎ᠠ ᠤᠤᠭᠤᠨ᠎ᠠ᠃ ᠠᠷᠠᠰᠤ ᠵᠢᠪᠬᠤᠭᠠᠵᠢᠭᠤᠯᠬᠤ ᠳ᠋ᠤ ᠬᠠᠲᠠᠭᠠᠵᠤ ᠨᠤᠨᠲᠠᠭᠯᠠᠭᠰᠠᠨ ᠬᠠᠯᠠᠭᠠᠢ ᠡᠴᠠ 1 ᠊᠊᠊᠊᠊ 2 ᠬᠣᠭᠣᠯᠠᠨ ᠤ ᠬᠠᠯᠪᠠᠭ᠎ᠠ ᠶ᠋ᠢ ᠠᠶᠠᠭᠠᠨ ᠳ᠋ᠤ ᠬᠢᠵᠦ ᠬᠠᠯᠠᠭᠤᠨ ᠤᠰᠤ ᠪᠠᠷ ᠵᠢᠭᠤᠷᠠᠵᠤ 10 ᠮᠢᠨᠦᠢᠲ ᠢᠳᠡᠭᠡᠰᠢᠭᠦᠯᠦᠨ᠎ᠡ᠃ ᠬᠠᠯᠠᠭᠠᠢ ᠶ᠋ᠢᠨ ᠪᠦᠯᠢᠶᠡᠨ ᠵᠤᠲᠠᠩ ᠢᠶᠠᠷ ᠨᠢᠭᠤᠷ ᠪᠣᠯᠤᠨ ᠬᠦᠵᠦᠭᠦᠨ ᠳ᠋ᠡᠭᠡᠨ ᠲᠦᠷᠬᠢᠵᠦ 20 ᠊᠊᠊᠊᠊ 25 ᠮᠢᠨᠦᠢᠲ ᠤᠨ ᠳᠠᠷᠠᠭ᠎ᠠ ᠤᠰᠤ ᠪᠠᠷ ᠤᠭᠢᠶᠠᠨ᠎ᠠ᠃ ᠡᠢᠨᠬᠥ ᠨᠢᠯᠬ᠎ᠠ ᠬᠠᠯᠠᠭᠠᠢ ᠶ᠋ᠢᠨ ᠮᠠᠰᠺ ᠢ ᠪᠦᠬᠦ ᠲᠥᠷᠤᠯ ᠤᠨ ᠠᠷᠠᠰᠤ ᠠᠷᠠᠴᠢᠯᠠᠭᠠᠨ ᠳ᠋ᠤ ᠬᠡᠷᠡᠭᠯᠡᠬᠦ ᠳ᠋ᠤ ᠥᠩᠭᠡᠯᠢᠭ ᠲᠣᠯᠢᠭᠠᠷ ᠪᠣᠯᠭᠠᠬᠤ ᠡᠴᠠ ᠭᠠᠳᠠᠨ᠎ᠠ ᠲᠡᠵᠢᠭᠡᠯ ᠥᠭᠬᠦ ᠰᠠᠶᠢᠨ ᠲᠠᠯ᠎ᠠ ᠲᠠᠢ᠃ ᠲᠠᠷᠢᠬᠢᠨ ᠤ ᠰᠤᠳᠠᠰᠤᠨ ᠤ ᠨᠠᠷᠢᠰᠤᠯ᠂ ᠦᠰᠦ ᠤᠨᠠᠯᠲᠠ ᠶ᠋ᠢ ᠵᠣᠭᠰᠣᠭᠠᠬᠤ ᠵᠣᠷᠢᠯᠭ᠎ᠠ ᠪᠠᠷ ᠬᠠᠯᠠᠭᠠᠢ ᠶ᠋ᠢᠨ ᠬᠠᠨᠳᠠ ᠪᠠᠷ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃ ᠰᠤᠳᠠᠰᠤᠨ ᠤ ᠨᠠᠷᠢᠰᠤᠯ ᠤᠨ ᠦᠶ᠎ᠡ ᠳ᠋ᠤ ᠪᠢᠩᠨᠡᠭᠦᠷ ᠲᠠᠯᠪᠢᠬᠤ ᠪᠠ 200 ᠭᠷᠠᠮ ᠬᠠᠯᠠᠭᠠᠢ ᠶ᠋ᠢ ᠵᠢᠩᠨᠡᠵᠦ ᠪᠡᠶ᠎ᠡ ᠶ᠋ᠢᠨ ᠳᠤᠯᠠᠭᠠᠨ ᠲᠠᠢ ᠢᠵᠢᠯᠢ ᠪᠣᠯᠭᠠᠨ ᠲᠣᠯᠣᠭᠠᠢ ᠳ᠋ᠤ ᠪᠢᠩᠨᠡᠭᠦᠷ ᠲᠠᠯᠪᠢᠨ᠎ᠠ᠃ ᠮᠥᠨ 200 ᠭᠷᠠᠮ ᠬᠠᠲᠠᠭᠠᠭᠰᠠᠨ ᠬᠠᠯᠠᠭᠠᠢ ᠶ᠋ᠢ 300 ᠮᠢᠯᠢᠯᠢᠲ᠋ᠷ ᠤᠰᠤᠨ ᠳ᠋ᠤ ᠬᠢᠵᠦ ᠪᠤᠴᠠᠯᠭᠠᠨ 200 ᠮᠢᠯᠢᠯᠢᠲ᠋ᠷ ᠬᠦᠷᠲᠡᠯ᠎ᠡ ᠢᠳᠡᠭᠡᠰᠢᠭᠦᠯᠦᠭᠡᠳ ᠰᠢᠩᠭᠡᠨ ᠢᠶᠠᠷ ᠨᠢ ᠦᠰᠦ ᠪᠣᠯᠤᠨ ᠬᠤᠶ᠋ᠢᠬᠠᠨ ᠳᠠᠭᠠᠨ ᠱᠦᠷᠴᠢᠵᠦ ᠱᠠᠪᠰᠢᠵᠤ ᠬᠡᠷᠡᠭᠯᠡᠨ᠎ᠡ᠃ ᠰᠤᠳᠠᠰᠤᠨ ᠤ ᠨᠠᠷᠢᠰᠤᠯ ᠤᠨ ᠦᠶ᠎ᠡ ᠳ᠋ᠤ ᠡᠮᠴᠢᠯᠡᠭᠡᠨ ᠤ ᠳ᠋ᠦ᠋ᠢᠡᠭ ᠨᠢ ᠡᠳᠤᠷ ᠲᠤ 3 ᠴᠠᠭ ᠢᠶᠠᠷ 15 ᠮᠢᠨᠦᠢᠲ ᠲᠤᠲᠤᠮ ᠬᠤᠶ᠋ᠢᠬᠠᠨ ᠳ᠋ᠤ ᠱᠦᠷᠴᠢᠵᠦ 7 ᠬᠣᠨᠣᠭ ᠬᠡᠷᠡᠭᠯᠡᠭᠡᠳ 14 ᠬᠣᠨᠣᠭ ᠠᠮᠠᠷᠠᠨ᠎ᠠ᠃ ᠡᠮᠴᠢᠯᠡᠭᠡ ᠶ᠋ᠢ ᠦᠷ᠎ᠡ ᠳ᠋ᠦ᠋ᠢᠩ ᠭᠠᠷᠲᠠᠯ᠎ᠠ ᠦᠷᠭᠦᠯᠵᠢᠯᠡᠭᠦᠯᠦᠨ᠎ᠡ᠃ ᠦᠰᠦᠨ ᠤ ᠴᠢᠨᠠᠷ ᠢ ᠳᠡᠭᠡᠭᠰᠢᠯᠡᠭᠦᠯᠬᠦ ᠳ᠋ᠤ 7 ᠬᠣᠨᠣᠭ ᠲᠤ 2 ᠊᠊᠊᠊᠊ 3 ᠤᠳᠠᠭ᠎ᠠ ᠦᠰᠦᠨ ᠳ᠋ᠡᠭᠡᠨ ᠱᠦᠷᠴᠢᠵᠦ ᠬᠡᠷᠡᠭᠯᠡᠨ᠎ᠡ᠃

ᠢᠷᠡᠯᠳᠡ᠄ ᠬᠣᠯᠪᠣᠭ᠎ᠠ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ