ᠲᠠᠭᠤᠴᠢᠨ ᠣᠶᠤᠨᠰᠤᠳᠤ

ᠤᠩᠰᠢᠭᠰᠠᠨ ᠤᠳᠠᠭ᠎ᠠ ᠄ 797    ᠨᠡᠶᠢᠳᠡᠯᠡᠭᠰᠡᠨ ᠴᠠᠭ ᠄ 2016-08-08

       ᠣᠶᠤᠨᠰᠤᠳᠤ᠂ ᠤᠯᠤᠰ ᠤᠨ ᠬᠤᠶᠠᠳᠤᠭᠠᠷ ᠲᠡᠰ ᠦᠨ ᠲᠤᠭᠯᠠᠭᠴᠢ᠂ ᠣᠷᠳᠣᠰ ᠬᠣᠲᠠ ᠶ᠋ᠢᠨ ᠦᠦᠰᠢᠨ ᠬᠤᠰᠢᠭᠤᠨ ‍ᠤ ᠬᠠᠷᠠᠭᠳᠠᠨ ᠬᠠᠷᠢᠶᠡᠨ ᠤ ᠪᠠᠶᠠᠨᠨᠠᠮᠤᠷ ᠪᠤᠯᠤᠨ ᠠᠯᠳᠠᠨᠴᠢᠮᠡᠭ ᠤᠨ ᠪᠠᠭ᠎ᠠ ᠦᠬᠢᠨ ᠪᠤᠯᠤᠨ ᠵᠠᠶᠠᠭᠠᠵᠤ ᠲᠠᠭᠤᠤ ᠲᠠᠢ ᠬᠤᠭᠤᠷ ᠲᠠᠢ ᠡᠨᠡ ᠰᠠᠶ᠋ᠢᠬᠠᠨ ᠨᠤᠳᠤᠭ᠂ ᠰᠤᠶᠤᠯ ᠲᠠᠢ ᠤᠬᠠᠭᠠᠨ ᠲᠠᠢ ᠠᠪᠤ᠋ ᠡᠵᠢ᠂ ᠠᠬᠠᠮᠠᠳ ᠨᠠᠰᠤᠳᠠᠨ᠂ ᠠᠷᠠᠳ ᠲᠦᠮᠡᠨ ᠤ ᠪᠠᠨ ᠨᠦᠯᠦᠭᠡ ᠪᠡᠷ ᠬᠠᠷᠠᠬᠠᠨ ᠪᠠᠭ᠎ᠠ ᠡᠴᠠ ᠪᠠᠨ ᠲᠠᠭᠤᠤ ᠤᠷᠠᠯᠢᠭ ᠤᠨ ᠠᠪᠢᠶᠠᠰ ᠪᠢᠯᠢᠭ ᠢᠶ᠋ᠡᠨ ᠬᠦᠮᠦᠨ ᠪᠤᠯᠭᠠᠨ ᠳᠤ ᠬᠠᠷᠠᠭᠤᠯᠤᠨ ᠠᠶᠠᠨᠳᠠᠭᠠᠨ ᠮᠡᠷᠭᠡᠵᠢᠯ ᠦᠨ ᠲᠠᠭᠤᠴᠢᠨ ᠤ ᠵᠠᠮ ᠢ ᠡᠯᠭᠦᠵᠡᠢ᠃ ᠲᠡᠷᠡᠪᠡᠷ ᠦᠪᠦᠷ ᠮᠣᠩᠭᠣᠯ  ‍ᠤᠨ ᠷᠠᠳᠢᠤ‍ ᠲᠸᠯᠸᠢᠰ ‍ᠦᠨ ᠤᠷᠠᠨ ᠰᠠᠶᠢᠬᠠᠨ ᠤ ᠪᠦᠯᠬᠦᠮ ᠪᠠ ᠲᠠᠯᠠᠤᠨ ᠬᠤᠰᠢᠭᠤᠨ ᠤ ᠤᠯᠠᠭᠠᠨᠮᠦ᠋ᠴᠢᠷ ᠤᠨ ᠲᠠᠭᠤᠴᠢᠨ ᠪᠠᠶᠢᠬᠤ ᠳᠠᠭᠠᠨ ᠭᠸᠷᠮᠡᠨ᠂ ᠹᠷᠠᠨᠽᠢ᠂ ᠠᠦᠰᠲ᠋ᠷᠢᠶ᠎ᠠ᠂ ᠨᠤᠷᠸᠠᠢ᠂ ᠲᠠᠢ ᠣᠯᠣᠰ᠂ ᠰᠢᠶᠠᠩᠭᠠᠩ᠂ ᠣᠣᠮᠸᠨ ᠵᠡᠷᠭᠡ ᠠᠷᠪᠠ ᠭᠠᠷᠤᠢ ᠤᠯᠤᠰ ᠪᠤᠯᠤᠨ ᠭᠠᠵᠠᠷ ᠤᠷᠤᠨ ᠢᠶᠠᠷ ᠲᠤᠭᠯᠠᠯᠳᠠ ᠭᠠᠷᠭᠠᠬᠤ ᠶ᠋ᠢᠨ ᠬᠠᠮᠲᠤ 2006 ᠣᠨ ᠳᠤ ᠠᠦᠰᠲ᠋ᠷᠢᠶ᠎ᠠ ᠶ᠋ᠢᠨ ᠸᠢᠶᠸᠨᠠ ᠶ᠋ᠢᠨ ᠠᠯᠲᠠᠨ ᠣᠷᠳᠣᠨ᠎ᠠ ᠬᠦᠷᠴᠦ ᠲᠣᠭᠯᠠᠯᠲᠠ ᠭᠠᠷᠭᠠᠨ᠂ ᠮᠣᠩᠭᠣᠯ ᠤᠷᠳᠤ ᠶ᠋ᠢᠨ ᠲᠠᠭᠤᠤ ᠶ᠋ᠢᠨ ᠭᠠᠶᠢᠬᠠᠮᠰᠢᠭᠲᠤ ᠰᠢᠳᠢ ᠬᠦᠴᠦᠨ ᠢ ᠲᠡᠯᠡᠬᠡᠢ ᠶ᠋ᠢᠨ ᠠᠳᠠᠯᠢ ᠪᠤᠰᠤ ᠠᠷᠠᠰᠤᠳᠠᠨ ᠶᠠᠰᠤᠳᠠᠨ ᠪᠠ ᠦᠨᠳ᠋ᠦᠰᠦᠳᠡᠨ ᠳᠦ ᠪᠢᠰᠢᠷᠡᠭᠦᠯᠦᠨ ᠲᠠᠨᠢᠭᠤᠯᠵᠤ᠂ ᠲᠡᠷᠡᠴᠢᠯᠡᠨ ᠠᠷᠠᠳ ‍ᠤᠨ ᠰᠠᠶᠢᠬᠠᠨ ᠲᠠᠭᠤᠤ᠂ ᠠᠪᠢᠶᠠᠰᠯᠢᠭ ᠰᠠᠶᠢᠬᠠᠨ ᠬᠤᠭᠤᠯᠠᠢ ᠪᠠᠷ ᠢᠶ᠋ᠡᠨ ᠠᠷᠠᠳ ᠲᠦᠮᠡᠨ ‍ᠤ ᠪᠠᠨ ᠬᠠᠶᠢᠷ᠎ᠠ ᠬᠦᠨᠳ᠋ᠦᠳᠬᠡᠯ ᠢ ᠤᠯᠵᠤ ᠪᠢᠯᠡ᠃

       ᠲᠠᠭᠤᠴᠢᠨ ᠣᠶᠤᠨᠰᠤᠳᠤ ᠮᠠᠨᠢ 2004 ᠤᠨ ᠤ ᠲᠥᠪ ᠲᠸᠯᠸᠢᠰ ᠡᠴᠠ ᠡᠷᠬᠢᠯᠡᠭᠰᠡᠨ ᠲᠤᠮᠳᠠᠳᠤ ᠤᠯᠤᠰ ‍ᠤᠨ ᠪᠠᠷᠠᠭᠤᠨ ᠬᠡᠰᠡᠭ ᠦᠨ ᠠᠷᠠᠳ ᠤᠨ ᠲᠠᠭᠤᠤ  ᠶ᠋ᠢᠨ ᠲᠸᠯᠸᠢᠰ ᠱᠠᠩᠨᠠᠯᠳᠤ ᠤᠷᠤᠯᠳᠤᠭᠠᠨ ᠤ ᠮᠦᠩᠭᠦᠨ ᠮᠸᠳᠡᠯ᠂ 2005 ᠤᠨ ‍ᠤ ᠦᠪᠦᠷ ᠮᠣᠩᠭᠣᠯ ᠤᠨ ᠬᠤᠶᠠᠳᠤᠭᠠᠷ ᠬᠤᠭᠤᠴᠠᠭᠠᠨ ᠤ ᠤᠷᠳᠤ ᠶ᠋ᠢᠨ ᠳᠠᠭᠤᠤ ᠶ᠋ᠢᠨ ᠤᠷᠤᠯᠳᠤᠭᠠᠨ  ‍ᠤ ᠠᠯᠳᠠᠨ ᠮᠸᠳᠡᠯ᠂ 2007 ᠤᠨ ᠤ ᠹᠷᠠᠨᠽᠢ ᠳᠤ ᠪᠤᠯᠤᠭᠰᠠᠨ 36 ᠳ᠋ᠤᠭᠠᠷ ᠬᠤᠭᠤᠴᠠᠭᠠᠨ ᠤ ᠲᠡᠯᠡᠬᠡᠢ ᠶ᠋ᠢᠨ ᠨᠠᠶᠢᠷᠠᠯ ᠳᠠᠭᠤᠤ ᠶ᠋ᠢᠨ ᠲᠡᠮᠡᠴᠡᠭᠡᠨ ᠤ ᠮᠦᠩᠭᠦᠨ ᠮᠸᠳᠡᠯ᠂ 2008 ᠤᠨ ᠤ ᠪᠦᠬᠦ ᠤᠯᠤᠰ ᠤᠨ ᠨᠠᠢᠮᠠᠨ ᠮᠤᠵᠢ ᠤᠷᠤᠨ ᠤ ᠮᠣᠩᠭᠣᠯ ᠲᠠᠭᠤᠤ ᠶ᠋ᠢᠨ ᠲᠸᠯᠸᠢᠰ ᠱᠠᠩᠨᠠᠯᠳᠤ ᠤᠷᠤᠯᠳᠤᠭᠠᠨ ‍ᠤ ᠮᠦᠩᠭᠦᠨ ᠮᠸᠳᠡᠯ᠂ ᠤᠷᠳᠤᠰ ᠲᠤ ᠪᠤᠯᠤᠭᠰᠠᠨ ᠲᠡᠯᠡᠬᠡᠢ ᠶ᠋ᠢᠨ ᠰᠤᠶᠤᠯ ‍ᠤᠨ ᠨᠠᠶᠢᠷ ᠤᠨ 《 ᠤᠷᠳᠤᠰ ᠠᠷᠠᠳ ᠤᠨ ᠲᠠᠭᠤᠤ ᠶ᠋ᠢᠨ ᠤᠷᠤᠯᠳᠤᠭᠠᠨ 》 ᠤ ᠠᠯᠳᠠᠨ ᠮᠸᠳᠡᠯ᠂ 2010 ᠤᠨ ᠤ ᠪᠦᠬᠦ ᠤᠯᠤᠰ ᠤᠨ ᠨᠠᠢᠮᠠᠨ ᠮᠤᠵᠢ ᠤᠷᠤᠨ ᠤ ᠤᠷᠳᠤᠰ ᠠᠷᠠᠳ ᠤᠨ ᠲᠠᠭᠤᠤ ᠶ᠋ᠢᠨ ᠤᠷᠤᠯᠳᠤᠭᠠᠨ ᠤ ᠠᠯᠳᠠᠨ ᠮᠸᠳᠡᠯ᠂ 2015 ᠣᠨ ᠤ 11 ᠰᠠᠷ᠎ᠠ ᠳᠤ ᠪᠣᠯᠣᠭᠰᠠᠨ ᠠᠩᠬᠠᠳᠤᠭᠠᠷ ᠤᠳᠠᠭᠠᠨ ᠤ ᠪᠦᠬᠦ ᠤᠯᠤᠰ ᠤᠨ ᠴᠥᠬᠡᠨ ᠲᠣᠭᠠᠲᠤ ᠦᠨᠳ᠋ᠦᠰᠦᠲᠡᠨ ‍ᠦ ᠠᠷᠠᠳ  ‍ᠤᠨ ᠳᠠᠭᠤᠤ ᠶ᠋ᠢᠨ ᠦᠵᠡᠭᠦᠯᠦᠯᠭᠡ ᠶ᠋ᠢᠨ ᠲᠣᠭᠯᠠᠯᠲᠠ ᠶ᠋ᠢᠨ ᠭᠠᠨᠨᠠᠨ ‍ᠳᠠᠬᠢ ᠶᠡᠷᠦᠩᠬᠡᠢ ᠲᠠᠯᠠᠪᠠᠢ ᠤᠷᠤᠯᠳᠤᠭᠠᠨ ᠤ ᠠᠯᠲᠠᠨ ᠮᠧᠳᠠᠯ ᠢ ᠲᠤᠰ ᠲᠤᠰ ᠲᠣᠰᠪᠠ᠃

              

             

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ