ᠵᠠᠯᠠᠭᠤ ᠳᠠᠭᠤᠴᠢᠨ ᠰᠡᠴᠡᠨᠪᠢᠯᠢᠭ

ᠤᠩᠰᠢᠭᠰᠠᠨ ᠤᠳᠠᠭ᠎ᠠ ᠄ 1280    ᠨᠡᠶᠢᠳᠡᠯᠡᠭᠰᠡᠨ ᠴᠠᠭ ᠄ 2016-08-02

     ᠰᠡᠴᠡᠨᠪᠢᠯᠢᠭ᠂ ᠰᠢᠯᠢ ᠶ᠋ᠢᠨ ᠭᠣᠣᠯ ᠠᠶᠢᠮᠠᠭ ‍ᠤᠨ ᠵᠡᠭᠦᠨ ᠦᠵᠦᠮᠦᠴᠢᠨ ᠬᠣᠰᠢᠭᠤᠨ ᠳ᠋ᠤ ᠨᠤᠲᠤᠭ ᠲᠠᠢ᠂  ᠥᠪᠥᠷ ᠮᠣᠩᠭᠣᠯ ‍ᠤᠨ ᠦᠨᠳᠦᠰᠦᠲᠡᠨ ‍ᠤ ᠳᠠᠭᠤᠷᠢᠯᠢᠭ ‍ᠤᠨ ᠪᠦᠯᠬᠦᠮ ᠦᠨ ᠳᠠᠭᠤᠴᠢᠨ᠂ ᠠᠭᠤᠳᠠᠮ ᠴᠡᠯᠡᠭᠡᠷ ᠤᠷᠲᠤ ᠶ᠋ᠢᠨ ᠳᠠᠭᠤᠤ ᠶ᠋ᠢᠨ ᠥᠯᠥᠭᠡᠢ ᠡᠴᠠ ᠤᠷᠠᠯᠢᠭ ‍ᠤᠨ ᠠᠯᠲᠠᠨ ᠲᠡᠭᠲᠡᠷ ‍ᠤᠨ ᠭᠠᠶᠢᠬᠠᠮᠰᠢᠭ ‍ᠢ ᠴᠢᠩᠨᠠᠵᠤ᠂ ᠳᠡᠭᠵᠢᠨ ᠤᠯᠢᠶᠠᠷᠬᠠᠭ ᠮᠣᠩᠭᠣᠯ ᠠᠭᠠᠯᠢ ᠪᠠᠷ ᠢᠶᠡᠨ ᠳᠡᠩᠳᠡᠭᠦᠦ ᠬᠠᠶᠢᠷᠠᠲᠠᠢ ᠠᠶ᠎ᠠ ᠳᠠᠭᠤᠤ ᠳ᠋ᠤ ᠪᠠᠨ ᠳᠣᠭᠳᠣᠯᠣᠩᠬᠠᠨ ᠲᠡᠮᠡᠦᠯᠡᠵᠦ ᠶᠠᠪᠤᠭ᠎ᠠ ᠵᠠᠯᠠᠭᠤ ᠳᠠᠭᠤᠴᠢᠨ᠂ ᠤᠷᠲᠤ ᠶ᠋ᠢᠨ ᠳᠠᠭᠤᠤ ᠡᠴᠠ ᠭᠠᠳᠠᠨ᠎ᠠ ᠮᠣᠷᠢᠨ ᠬᠤᠭᠤᠷ᠂ ᠶᠠᠲᠤᠭ᠎ᠠ᠂ ᠬᠤᠪᠢᠰ᠂ ᠲᠣᠪᠰᠢᠭᠤᠷ᠂ ᠲᠡᠭᠦᠯᠳᠡᠷ ᠬᠤᠭᠤᠷ ᠵᠡᠷᠭᠡ ᠶ᠋ᠢ ᠮᠠᠰᠢ ᠰᠠᠶᠢᠬᠠᠨ ᠲᠣᠭᠯᠠᠳᠠᠭ ᠠᠪᠢᠶᠠᠰᠲᠤ ᠤᠷᠠᠯᠢᠭᠴᠢᠨ᠃

 

    

    

     1999 ᠣᠨ ‍ᠤ 6 ᠰᠠᠷ᠎ᠠ ᠳ᠋ᠤ ᠤᠤᠭᠠᠨ ᠪᠠᠭᠰᠢ —ᠡᠵᠢ ᠡᠴᠠ ᠪᠠᠨ ᠰᠤᠷᠤᠭᠰᠠᠨ ᠤᠷᠲᠤ ᠶ᠋ᠢᠨ ᠳᠠᠭᠤᠤ 《 ᠳᠦᠭᠦᠷᠡᠩᠵᠠᠭᠠᠨ᠎ᠠ 》 ᠪᠠᠷ ᠢᠶᠡᠨ ᠳᠤᠮᠳᠠᠳᠤ ᠤᠯᠤᠰ ᠤᠨ ᠴᠥᠬᠡᠨ ᠲᠣᠭᠠᠲᠤ ᠦᠨᠳᠦᠰᠦᠲᠡᠨ ‍ᠤ ᠪᠠᠭᠠᠴᠤᠳ ‍ᠤᠨ ᠤᠷᠠᠯᠢᠭ ‍ᠤᠨ ᠪᠦᠯᠬᠦᠮ ‍ᠢ ᠲᠦᠯᠦᠭᠡᠯᠡᠨ᠂ ᠣᠣᠮᠸᠨ ᠡᠬᠡ ᠤᠯᠤᠰ ᠲᠠᠭᠠᠨ ᠪᠤᠴᠠᠨ ᠢᠷᠡᠭᠰᠡᠨ ‍ᠢ ᠤᠭᠲᠤᠬᠤ ᠦᠳᠡᠰᠢᠯᠡᠭᠡ ᠳ᠋ᠤ ᠤᠷᠢᠭᠳᠠᠨ ᠲᠣᠭᠯᠠᠵᠤ᠂ ᠤᠷᠲᠤ ᠶ᠋ᠢᠨ ᠳᠠᠭᠤᠤ ᠶ᠋ᠢᠨ ᠤᠶᠠᠩᠭ᠎ᠠ ᠡᠭᠡᠰᠢᠭ ᠢᠶᠠᠷ ᠣᠯᠠᠨ ‍ᠤ ᠪᠠᠬᠠᠷᠬᠠᠯ ‍ᠢ ᠣᠯᠣᠭᠰᠠᠨ ᠶᠤᠮ᠃ 1999 ᠣᠨ ‍ᠤ 9 ᠰᠠᠷ᠎ᠠ ᠳ᠋ᠤ ᠥᠪᠥᠷ ᠮᠣᠩᠭᠣᠯ ‍ᠤᠨ ᠶᠡᠬᠡ ᠰᠤᠷᠭᠠᠭᠤᠯᠢ ᠶ᠋ᠢᠨ ᠤᠷᠠᠯᠢᠭ ‍ᠤᠨ ᠳᠡᠭᠡᠳᠦ ᠰᠤᠷᠭᠠᠭᠤᠯᠢ ᠶ᠋ᠢᠨ ᠳᠠᠭᠤᠤ ᠬᠥᠭᠵᠢᠮ ‍ᠤᠨ ᠰᠠᠯᠪᠤᠷᠢ ᠶ᠋ᠢᠨ ᠤᠷᠲᠤ ᠶ᠋ᠢᠨ ᠳᠠᠭᠤᠤ ᠶ᠋ᠢᠨ ᠠᠩᠭᠢ ᠳ᠋ᠤ ᠰᠢᠯᠭᠠᠭᠳᠠᠨ ᠣᠷᠣᠵᠣ᠂ ᠰᠣᠶᠣᠯ ᠪᠠᠭᠰᠢ ᠡᠴᠠ ᠤᠷᠲᠤ ᠶ᠋ᠢᠨ ᠳᠠᠭᠤᠤ ᠶ᠋ᠢᠨ ᠳᠠᠭᠤᠯᠠᠬᠤᠢ ᠶ᠋ᠢᠨ ᠮᠡᠷᠭᠡᠵᠢᠯ ᠰᠤᠷᠪᠠ᠃ 2001 ᠣᠨ ‍ᠤ 9 ᠰᠠᠷ᠎ᠠ ᠳ᠋ᠤ ᠪᠦᠬᠦ ᠤᠯᠤᠰ ‍ᠤᠨ ᠬᠣᠶᠠᠳᠤᠭᠠᠷ ᠤᠳᠠᠭᠠᠨ ‍ᠤ 《 ᠲᠠᠯ᠎ᠠ ᠨᠤᠲᠤᠭ ᠬᠤᠨᠳᠠᠭᠠᠲᠤ 》ᠮᠣᠩᠭᠣᠯ ᠦᠨᠳᠦᠰᠦᠲᠡᠨ ‍ᠤ ᠤᠷᠲᠤ ᠶ᠋ᠢᠨ ᠳᠠᠭᠤᠤ ᠶ᠋ᠢᠨ ᠲᠸᠯᠸᠢᠰ ᠱᠠᠩᠨᠠᠯᠲᠤ ᠤᠷᠤᠯᠳᠤᠭᠠᠨ ᠳ᠋ᠤ ᠭᠤᠷᠪᠠᠳᠤᠭᠠᠷ ᠳᠡᠰ ‍ᠤᠨ ᠱᠠᠩᠨᠠᠯ ᠲᠣᠰᠪᠠ᠃ 2003 ᠣᠨ ‍ᠤ 9 ᠰᠠᠷ᠎ᠠ ᠳ᠋ᠤ ᠥᠪᠥᠷ ᠮᠣᠩᠭᠣᠯ ‍ᠤᠨ ᠦᠨᠳᠦᠰᠦᠲᠡᠨ ‍ᠤ ᠲᠤᠰᠬᠠᠢ ᠮᠡᠷᠭᠡᠵᠢᠯ ‍ᠤᠨ ᠰᠤᠷᠭᠠᠭᠤᠯᠢ ᠶ᠋ᠢᠨ ᠳᠠᠭᠤᠤ ᠬᠥᠭᠵᠢᠮ ‍ᠤᠨ ᠰᠠᠯᠪᠤᠷᠢ ᠳ᠋ᠤ ᠰᠢᠯᠭᠠᠭᠳᠠᠨ ᠣᠷᠣᠵᠤ ᠴᠣᠭᠲᠣ᠂ ᠡ‍ · ᠰᠡᠴᠡᠨ ᠪᠠᠭᠰᠢ ᠡᠴᠠ ᠤᠷᠲᠤ ᠶ᠋ᠢᠨ ᠳᠠᠭᠤᠤ ᠶ᠋ᠢᠨ ᠮᠡᠷᠭᠡᠵᠢᠯ ‍ᠢ ᠦᠷᠭᠦᠯᠵᠢᠯᠡᠨ ᠰᠤᠷᠤᠯᠴᠠᠪᠠ᠃

      2006 ᠣᠨ ‍ᠤ 7 ᠰᠠᠷ᠎ᠠ ᠳ᠋ᠤ ᠺᠣᠷᠢᠶᠠ ᠤᠯᠤᠰ ᠲᠤ ᠠᠶᠢᠯᠴᠢᠯᠠᠨ ᠲᠣᠭᠯᠠᠯᠲᠠ ᠭᠠᠷᠭᠠᠪᠠ᠃ 2006 ᠣᠨ ᠳ᠋ᠤ ᠰᠤᠷᠭᠠᠭᠤᠯᠢ ᠶ᠋ᠢᠨ ᠢᠶᠡᠨ ᠠᠷᠪᠠᠨ ᠰᠣᠳᠣᠨ ᠳᠠᠭᠤᠴᠢᠨ ᠰᠢᠯᠭᠠᠷᠠᠭᠤᠯᠬᠤ ᠳᠠᠭᠤᠤ ᠶ᠋ᠢᠨ ᠮᠦᠷᠦᠶᠢᠴᠡᠭᠡᠨ ‍ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠨᠢᠭᠡᠳᠦᠭᠡᠷ ᠳᠡᠰ ‍ᠤᠨ ᠱᠠᠩᠨᠠᠯ ‍ᠢ ᠬᠦᠷᠲᠡᠪᠡ᠃ 2007 ᠣᠨ ‍ᠤ 7 ᠰᠠᠷ᠎ᠠ ᠳ᠋ᠤ ᠪᠦᠬᠦ ᠣᠷᠣᠨ ‍ᠤ ᠮᠣᠩᠭᠣᠯ ᠦᠨᠳᠦᠰᠦᠲᠡᠨ ‍ᠤ ᠤᠷᠲᠤ ᠶ᠋ᠢᠨ ᠳᠠᠭᠤᠤ ᠶ᠋ᠢᠨ ᠶᠡᠬᠡ ᠤᠷᠤᠯᠳᠤᠭᠠᠨ ᠳ᠋ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠭᠤᠷᠪᠠᠳᠤᠭᠠᠷ ᠳᠡᠰ ‍ᠤᠨ ᠱᠠᠩᠨᠠᠯ ᠬᠦᠷᠲᠡᠪᠡ᠃ 2007 ᠣᠨ ‍ᠤ 10 ᠰᠠᠷ᠎ᠠ ᠳ᠋ᠤ ᠬᠥᠬᠡᠬᠣᠲᠠ ᠶ᠋ᠢᠨ ᠦᠨᠳᠦᠰᠦᠲᠡᠨ ‍ᠤ ᠳᠠᠭᠤᠤ ᠪᠥᠵᠢᠭ ‍ᠤᠨ ᠪᠦᠯᠬᠦᠮ ᠳ᠋ᠤ ᠡᠯᠰᠡᠭᠳᠡᠨ ᠣᠷᠣᠵᠣ ᠠᠵᠢᠯᠯᠠᠪᠠ᠃ 2008 ᠣᠨ ‍ᠤ 6 ᠰᠠᠷ᠎ᠠ ᠳ᠋ᠤ ᠣᠯᠢᠮᠫᠢᠺ ‍ᠢ ᠪᠡᠯᠭᠡᠯᠡᠬᠦ ᠵᠠᠯᠠᠭᠤ ᠪᠠᠭᠠᠴᠤᠳ ‍ᠤᠨ ᠳᠠᠭᠤᠤ ᠶ᠋ᠢᠨ ᠤᠷᠤᠯᠳᠤᠭᠠᠨ ‍ᠤ ᠥᠪᠥᠷ ᠮᠣᠩᠭᠣᠯ ᠳ᠋ᠠᠬᠢ ᠬᠤᠪᠢᠶᠠᠷᠢ ᠤᠷᠤᠯᠳᠤᠭᠠᠨ ‍ᠤ ᠲᠤᠰᠬᠠᠢ ᠮᠡᠷᠭᠡᠵᠢᠯ ‍ᠤᠨ ᠳᠤᠭᠤᠶᠢᠯᠠᠩ ‍ᠤᠨ ᠠᠯᠲᠠᠨ ᠮᠸᠳᠠᠯ ‍ᠢ ᠬᠦᠷᠲᠡᠪᠡ᠃ 2009 ᠣᠨ ‍ᠤ 6 ᠰᠠᠷ᠎ᠠ ᠳ᠋ᠤ 《ᠡᠵᠢ 》 ᠭᠡᠬᠦ ᠺᠢᠨᠣ᠋ ᠳ᠋ᠤ ᠲᠠᠨ᠎ᠠ ᠶ᠋ᠢᠨ ᠳᠦᠷᠢ ᠶ᠋ᠢ ᠠᠮᠵᠢᠯᠲᠠ ᠲᠠᠢ ᠲᠣᠭᠯᠠᠪᠠ᠃ 2009 ᠣᠨ ‍ᠤ 6 ᠰᠠᠷ᠎ᠠ ᠳ᠋ᠤ ᠥᠪᠥᠷ ᠮᠣᠩᠭᠣᠯ ‍ᠤᠨ ᠦᠨᠳᠦᠰᠦᠲᠡᠨ ‍ᠤ ᠳᠠᠭᠤᠷᠢᠯᠢᠭ ‍ᠤᠨ ᠪᠦᠯᠬᠦᠮ ᠳ᠋ᠤ ᠠᠵᠢᠯ ᠰᠢᠯᠵᠢᠪᠡ᠃

  

    


    

            
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ