ᠡᠷᠡᠭᠦᠯ ᠮᠡᠨᠳᠦ ᠳᠦ ᠲᠤᠰᠠᠲᠠᠢ ᠢᠳᠡᠭᠡᠨ

ᠤᠩᠰᠢᠭᠰᠠᠨ ᠤᠳᠠᠭ᠎ᠠ ᠄ 1053    ᠨᠡᠶᠢᠳᠡᠯᠡᠭᠰᠡᠨ ᠴᠠᠭ ᠄ 2016-08-01

    ᠡᠷᠲᠡᠨᠢ ᠰᠢᠰᠢ᠂ ᠨᠠᠰᠤ ᠠᠬᠢᠬᠤ ᠪᠠᠷ ᠬᠦᠮᠦᠨ ᠤ ᠨᠢᠲᠦᠨ ᠤ ᠰᠢᠷ᠎ᠠ ᠲᠤᠯᠪᠤ᠋ ᠶ᠋ᠢᠨ ᠬᠡᠰᠡᠭ ᠤᠨ ᠦᠬᠡᠬᠦ ᠢᠰᠦᠯᠲᠦᠨ ᠡᠪᠲᠡᠭᠲᠡᠬᠦ ᠪᠠᠷ ᠴᠢᠨᠠᠷ ᠤᠨ ᠬᠤᠪᠢᠷᠠᠯᠲᠠ ᠡᠭᠦᠰᠴᠦ᠂ ᠬᠠᠷᠠᠭ᠎ᠠ ᠮᠠᠭᠤᠲᠠᠬᠤ᠂ ᠴᠢᠨᠠᠭᠰᠢᠯᠠᠪᠠᠯ ᠬᠠᠷᠠᠭ᠎ᠠ ᠠᠯᠲᠠᠵᠤ ᠮᠡᠲᠡᠨ᠎ᠡ᠃ ᠨᠠᠪᠴᠢᠨ ᠰᠢᠷ᠎ᠠ ᠡᠳ᠋ ᠪᠠ ᠡᠷᠳᠡᠨᠢ ᠰᠢᠰᠢ ᠨᠢ ᠮᠠᠰᠢ ᠴᠢᠩᠭ᠋᠎ᠠ ᠢᠰᠦᠯᠳᠦᠬᠦ ᠶ᠋ᠢ ᠡᠰᠡᠷᠭᠦᠴᠡᠬᠦ ᠦᠢᠯᠡᠳᠦᠯ ᠲᠠᠢ᠂ ᠲᠡᠷᠡ ᠨᠢ ᠨᠢᠲᠦᠨ ᠴᠡᠴᠡᠭᠡᠢ ᠶ᠋ᠢᠨ ᠬᠤᠤᠷᠠᠲᠤ ᠪᠤᠲᠠᠰ ᠢ ᠰᠢᠩᠭᠡᠭᠡᠨ ᠰᠢᠷ᠎ᠠ ᠲᠤᠯᠪᠤ᠋ ᠶ᠋ᠢᠨ ᠡᠷᠡᠭᠦᠯ ᠴᠢᠬᠢᠷᠠᠭ ᠢ ᠪᠠᠲᠤᠯᠠᠨ᠎ᠠ᠃ ᠰᠢᠷ᠎ᠠ ᠦᠩᠭᠡ ᠶ᠋ᠢᠨ ᠡᠷᠳᠡᠨᠢ ᠰᠢᠰᠢ ᠳ᠋ᠤ ᠨᠠᠪᠴᠢᠨ ᠰᠢᠷ᠎ᠠ ᠡᠳ᠋ ᠪᠠ ᠡᠷᠳᠡᠨᠢ ᠰᠢᠰᠢ ᠶ᠋ᠢᠨ ᠰᠢᠷ᠎ᠠ ᠡᠳ᠋ ᠪᠤᠢ᠃ ᠵᠢᠯᠤᠭᠤᠴᠢ᠂ ᠰᠤᠷᠤᠭᠴᠢ᠂ ᠨᠠᠢᠷᠠᠭᠤᠯᠤᠭᠴᠢ᠂ ᠵᠤᠬᠢᠶᠠᠯᠴᠢ ᠵᠡᠷᠭᠡ ᠬᠦᠮᠦᠰ ᠡᠷᠲᠡᠨᠢ ᠰᠢᠰᠢ ᠢᠯᠡᠬᠦᠭᠡᠨ ᠢᠲᠡᠪᠡᠯ ᠨᠢᠲᠦᠨ ᠤ ᠡᠷᠡᠭᠦᠯ ᠮᠡᠨᠲᠦ ᠳ᠋ᠤ ᠲᠤᠰᠠᠲᠠᠢ ᠶᠤᠮ᠃        
     ᠦᠨᠲᠡᠭᠡᠨ ᠤ ᠰᠢᠷ᠎ᠠ᠂ ᠦᠨᠲᠡᠭᠡᠨ ᠳ᠋ᠤ ᠤᠭᠤᠷᠠᠭ᠂ ᠦᠬᠡᠬᠦ᠂ ᠦᠨᠲᠡᠭᠡᠨ ᠤ ᠰᠢᠷ᠎ᠠ ᠡᠳ᠋᠂ ᠦᠨᠲᠡᠭᠡᠨ ᠤ ᠹᠤᠰᠹᠤᠷᠲᠤ ᠦᠬᠡᠬᠦ᠂ ᠸᠢᠲ᠋ᠠᠮᠢᠨ ᠪᠠ ᠲᠡᠮᠦᠷ᠂ ᠺᠠᠯᠼ᠂ ᠺᠠᠯᠢ᠂ ᠨᠠᠪᠴᠢᠨ ᠤ ᠰᠢᠷ᠎ᠠ ᠡᠳ᠋ ᠪᠠ ᠡᠷᠳᠡᠨᠢ ᠰᠢᠰᠢ ᠶ᠋ᠢᠨ ᠰᠢᠷ᠎ᠠ ᠡᠳ᠋ ᠵᠡᠷᠭᠡ ᠬᠦᠮᠦᠨ ᠤ ᠪᠠᠶ᠎ᠠ ᠳ᠋ᠤ ᠱᠠᠭᠠᠷᠲᠠᠭᠲᠠᠬᠤ ᠡᠷᠦᠲᠡᠰᠦ ᠡᠯᠪᠡᠭ ᠠᠭᠤᠯᠤᠭᠲᠠᠨ᠎ᠠ᠃ ᠦᠨᠲᠡᠭᠡ ᠨᠢ ᠦᠨᠲᠡᠭᠡᠨ ᠬᠠᠯᠢᠰᠤ᠂ ᠦᠨᠲᠡᠭᠡᠨ ᠤ ᠰᠢᠷ᠎ᠠ᠂ ᠦᠨᠲᠡᠭᠡᠨ ᠤ ᠴᠠᠭᠠᠨ ᠪᠠ ᠦᠨᠲᠡᠭᠡᠨ ᠤ ᠤᠭᠤᠰᠤᠷ ᠵᠡᠷᠭᠡ ᠡᠴᠠ ᠪᠦᠷᠢᠯᠲᠦᠵᠦ᠂ ᠠᠳᠠᠯᠢ ᠪᠤᠰᠤ ᠶ᠋ᠢᠨ ᠰᠢᠮ᠎ᠡ ᠲᠡᠵᠢᠭᠡᠯ ᠤᠨ ᠦᠷᠲᠡᠭ ᠲᠠᠢ᠂ ᠡᠭᠦᠨ ᠳ᠋ᠤ ᠦᠨᠲᠡᠭᠡᠨ ᠤ ᠰᠢᠷ᠎ᠠ ᠨᠢ ᠬᠠᠮᠤᠭ ᠤᠨ ᠰᠢᠮ᠎ᠡ ᠲᠡᠵᠢᠭᠡᠯ ᠲᠠᠢ᠃ ᠬᠦᠮᠤᠨ ᠤ ᠨᠢᠲᠦᠨ ᠤ ᠲᠦᠷᠰᠦ ᠪᠦᠲᠦᠭᠡᠬᠦ ᠡᠷᠬᠡᠲᠡᠨ ᠪᠤᠯ ᠨᠢᠲᠦᠨ ᠤ ᠲᠤᠤᠷᠯᠢᠭ ᠪᠦᠷᠬᠦᠪᠴᠢ᠂ ᠨᠢᠲᠦᠨ ᠤ ᠲᠤᠤᠷᠯᠢᠭ ᠪᠦᠷᠬᠦᠪᠴᠢ ᠨᠢ ᠨᠢᠭᠡᠨ 《 ᠰᠢᠷ᠎ᠠ ᠲᠤᠯᠪᠤ᠋ 》 ᠲᠠᠢ᠂ ᠲᠡᠭᠦᠨ ᠤ ᠲᠤᠲᠤᠷᠠᠬᠢ ᠰᠢᠷ᠎ᠠ ᠦᠩᠭᠡ ᠶ᠋ᠢᠨ ᠢᠷᠡᠯᠲᠡ ᠨᠢ ᠲᠠᠷᠤᠢ ᠨᠡᠪᠴᠢᠨ ᠤ ᠰᠢᠷ᠎ᠠ ᠡᠳ᠋ ᠪᠠ ᠡᠷᠳᠡᠨᠢ ᠰᠢᠰᠢ ᠶ᠋ᠢᠨ ᠰᠢᠷ᠎ᠠ ᠡᠳ᠋ ᠪᠤᠯᠤᠨ᠎ᠠ᠃ ᠡᠨᠡ ᠲᠦᠷᠦᠯ ᠤᠨ ᠲᠡᠵᠢᠭᠡᠯ ᠡᠳ᠋ ᠨᠢ ᠬᠦᠷᠢᠨ ᠤ ᠭᠠᠲᠠᠨᠠᠬᠢ ᠲᠤᠶᠠᠭ᠎ᠠ ᠶ᠋ᠢᠨ ᠨᠢᠲᠦᠨ ᠳ᠋ᠤ ᠦᠵᠡᠬᠦᠯᠬᠦ ᠬᠦᠨᠦᠭᠡᠯ ᠢ ᠪᠠᠭᠠᠰᠬᠠᠵᠤ᠂ ᠨᠢᠲᠦᠨ ᠤ ᠦᠲᠡᠯᠬᠦ ᠶ᠋ᠢ ᠤᠳᠠᠭᠠᠰᠢᠷᠠᠭᠤᠯᠤᠨ᠂ ᠨᠢᠲᠦᠨ ᠤ ᠲᠤᠤᠷᠯᠢᠭ ᠪᠦᠷᠬᠦᠪᠴᠢ ᠶ᠋ᠢᠨ ᠰᠢᠷ᠎ᠠ ᠲᠤᠯᠪᠤ᠋ ᠶ᠋ᠢᠨ ᠴᠢᠨᠠᠷ ᠬᠤᠪᠢᠷᠠᠬᠤ ᠪᠠ ᠴᠠᠭᠠᠨ ᠬᠠᠷᠠᠩ ᠡᠪᠡᠳᠴᠢᠨ ᠡᠴᠠ ᠤᠷᠢᠳᠴᠢᠯᠠᠨ ᠰᠡᠷᠭᠡᠢᠯᠡᠨ᠎ᠡ᠃       
     ᠰᠢᠬᠢᠷᠯᠢᠭ ᠲᠦᠮᠦᠰᠦ᠂ ᠨᠠᠰᠤ ᠠᠬᠢᠭᠰᠠᠨ ᠡᠴᠠ ᠠᠮᠠᠷᠠᠬᠠᠨ ᠨᠢᠲᠦ ᠴᠢᠯᠡᠵᠦ ᠡᠪᠡᠳᠦᠨ᠂ ᠵᠠᠷᠢᠮ ᠳᠠᠭᠠᠨ ᠨᠡᠭᠡᠭᠡᠬᠦ ᠳ᠋ᠤ ᠬᠦᠴᠢᠷᠲᠡᠬᠦ᠂ ᠬᠠᠷᠠᠭ᠎ᠠ ᠮᠠᠭᠤᠲᠠᠬᠤ ᠢᠯᠡᠷᠡᠯ ᠭᠠᠷᠲᠠᠭ᠃ ᠨᠢᠲᠦᠨ ᠳ᠋ᠤ ᠠᠰᠠᠭᠤᠲᠠᠯ ᠭᠠᠷᠪᠠᠯ ᠲᠤᠲᠤᠷ ᠡᠷᠬᠡᠲᠡᠨ ᠤᠨᠴᠠᠭᠠᠢᠯᠠᠨ ᠡᠯᠢᠭᠡ᠂ ᠪᠦᠭᠡᠷ᠎ᠡ ᠮᠠᠭᠤᠲᠠᠬᠤ ᠪᠠ ᠦᠲᠡᠯᠬᠦ ᠶ᠋ᠢᠨ ᠲᠡᠮᠲᠡᠭ ᠶᠤᠮ᠃ ᠨᠢᠲᠦᠨ ᠤ ᠴᠢᠲᠠᠪᠬᠢ ᠶ᠋ᠢ ᠲᠡᠭᠡᠭᠰᠢᠯᠡᠬᠦᠯᠬᠦ ᠳ᠋ᠤ ᠤᠷᠢᠲᠠᠪᠡᠷ ᠲᠤᠲᠤᠷ ᠡᠷᠬᠡᠲᠡᠨ ᠤ ᠴᠢᠲᠠᠪᠬᠢ ᠶ᠋ᠢ ᠰᠡᠷᠭᠦᠭᠡᠨ ᠲᠡᠭᠡᠭᠰᠢᠯᠡᠬᠦᠯᠬᠦ ᠴᠢᠬᠤᠯᠠ ᠲᠠᠢ᠃ ᠰᠢᠬᠢᠷᠯᠢᠭ ᠲᠦᠮᠦᠰᠦᠨ ᠳ᠋ᠤ ᠢᠲᠡᠰᠢᠨ ᠤ ᠰᠢᠷᠬᠡᠭᠯᠢᠭ ᠡᠳ᠋᠂ ᠤᠯᠠᠨ ᠲᠦᠷᠦᠯ ᠤᠨ ᠸᠢᠲ᠋ᠠᠮᠢᠨ ᠪᠠ ᠡᠷᠦᠲᠡᠰᠦ ᠡᠯᠪᠡᠭ ᠠᠭᠤᠯᠤᠭᠲᠠᠵᠤ ᠪᠤᠢ᠃ ᠡᠨᠡ ᠨᠢ ᠡᠯᠢᠭᠡᠨ ᠤ ᠦᠷᠪᠢᠰᠦᠯ᠂ ᠰᠢᠷᠬᠠᠯᠠᠭ᠎ᠠ ᠶ᠋ᠢ ᠪᠦᠲᠦᠮᠵᠢᠲᠠᠢ ᠵᠠᠰᠠᠬᠤ ᠦᠢᠯᠡᠳᠦᠯ ᠲᠠᠢ ᠶᠤᠮ᠃        
    ᠠᠪᠤᠭ᠎ᠠ ᠨᠤᠭᠤᠭ᠎ᠠ᠂ ᠠᠪᠤᠭ᠎ᠠ ᠨᠤᠭᠤᠭᠠᠨ ᠳ᠋ᠤ ᠶᠡᠬᠡ ᠬᠡᠮᠵᠢᠶᠠᠨ ᠤ ᠬᠤᠯᠤᠤᠪᠠᠩ ᠤᠨ ᠡᠳ᠋᠂ B ᠲᠦᠷᠦᠯ ᠤᠨ ᠸᠢᠲ᠋ᠠᠮᠢᠨ᠂ ᠸᠢᠲ᠋ᠠᠮᠢᠨ C᠂ ᠺᠠᠯᠼ᠂ ᠲᠡᠮᠦᠷ ᠠᠭᠤᠯᠤᠭᠲᠠᠨ᠎ᠠ᠃ ᠠᠪᠤᠭ᠎ᠠ ᠨᠤᠭᠤᠭᠠᠨ ᠤ ᠡᠪᠡᠰᠦᠨ ᠬᠦᠴᠢᠯ ᠤᠨ ᠠᠭᠤᠯᠤᠭᠲᠠᠴᠠ ᠬᠠᠷᠢᠴᠠᠩᠭ᠋ᠤᠢ ᠲᠤᠤᠷ᠎ᠠ ᠪᠠᠶᠢᠳᠠᠭ᠃         
     ᠦᠷᠭᠡᠰᠦᠲᠦ ᠨᠤᠭᠤᠭ᠎ᠠ᠂ ᠠᠩᠭᠯᠢ ᠶ᠋ᠢᠨ ᠨᠢᠭᠡᠨ ᠰᠢᠨᠵᠢᠯᠡᠬᠦ ᠤᠬᠠᠭᠠᠨ ᠤ ᠰᠤᠲᠤᠯᠭᠠᠨ ᠳ᠋ᠤ ᠢᠯᠡᠷᠡᠭᠦᠯᠦᠭᠰᠡᠨ ᠢᠶᠠᠷ᠂ ᠦᠷᠭᠡᠰᠦᠲᠦ ᠨᠤᠭᠤᠭᠠᠨ ᠳ᠋ᠤ ᠨᠠᠪᠴᠢᠨ ᠤ ᠰᠢᠷ᠎ᠠ ᠡᠳ᠋ ᠬᠠᠮᠤᠭ ᠤᠨ ᠡᠯᠪᠡᠭ ᠪᠠᠶᠢᠵᠤ᠂ ᠨᠢᠲᠦᠨ ᠤ ᠲᠤᠤᠷᠯᠢᠭ ᠪᠦᠷᠬᠦᠪᠴᠢ ᠶ᠋ᠢᠨ ᠰᠢᠷ᠎ᠠ ᠲᠤᠯᠪᠤ᠋ ᠴᠢᠨᠠᠷ ᠬᠤᠪᠢᠷᠠᠬᠤ ᠶ᠋ᠢ ᠤᠷᠢᠳᠴᠢᠯᠠᠨ ᠰᠡᠷᠭᠡᠢᠯᠡᠬᠦ ᠳ᠋ᠤ ᠲᠤᠰᠠᠲᠠᠢ᠃
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠠᠷᠢᠭᠤᠨ᠎ᠠ