ᠦᠨᠳᠦᠰᠦᠲᠡᠨ ‍ᠤ ᠰᠡᠳᠦᠪᠲᠦ ᠳᠠᠭᠤᠤ ᠪᠥᠵᠢᠭᠲᠦ ᠵᠥᠴᠥᠭᠡ 《 ᠬᠠᠶᠢᠷ᠎ᠠ ᠶ᠋ᠢᠨ ᠤᠷᠠᠢ 》 ᠶ᠋ᠢ 7 ᠰᠠᠷ᠎ᠠ ᠶ᠋ᠢᠨ 29 ‍ᠤ ᠣᠷᠣᠢ ᠬᠥᠬᠡᠬᠣᠲᠠ ᠳ᠋ᠤ ᠲᠣᠭᠯᠠᠬᠤ ᠪᠠᠷ ᠪᠤᠢ

ᠤᠩᠰᠢᠭᠰᠠᠨ ᠤᠳᠠᠭ᠎ᠠ ᠄ 791    ᠨᠡᠶᠢᠳᠡᠯᠡᠭᠰᠡᠨ ᠴᠠᠭ ᠄ 2016-07-28

      ᠦᠨᠳᠦᠰᠦᠲᠡᠨ ‍ᠤ ᠪᠠᠨ ᠰᠣᠶᠣᠯ ‍ᠤᠨ ᠬᠥᠭᠵᠢᠯᠲᠡ ᠶ᠋ᠢ ᠴᠠᠭ ᠦᠶ᠎ᠡ ᠶ᠋ᠢᠨ ᠱᠠᠭᠠᠷᠳᠠᠯᠭ᠎ᠠ ᠲᠠᠢ ᠨᠡᠶᠢᠴᠡᠭᠦᠯᠵᠦ᠂ ᠴᠠᠭ ᠦᠶ᠎ᠡ ᠲᠠᠢ ᠵᠡᠷᠭᠡᠪᠡᠷ ᠤᠷᠤᠭᠰᠢᠯᠠᠭᠤᠯᠤᠨ᠂ ᠤᠯᠠᠮᠵᠢᠯᠠᠯᠲᠤ ᠮᠠᠶ᠋ᠢᠭ ᠡᠴᠠ ᠣᠳᠣᠬᠢᠴᠢᠯᠠᠯᠲᠠ ᠵᠦᠭ ᠬᠥᠭᠵᠢᠬᠦ ᠶ᠋ᠢ ᠪᠡᠶᠡᠯᠡᠭᠦᠯᠦᠨ᠂ 《ᠤᠷᠠᠯᠢᠭ ‍ᠤᠨ ᠨᠢᠳᠤ ᠪᠠᠷ ᠲᠣᠷᠭᠠᠨ ᠵᠠᠮ ‍ᠢ ᠠᠵᠢᠵᠤ᠂ ᠳᠤᠮᠳᠠᠳᠤ ᠶ᠋ᠢᠨ ᠬᠦᠰᠡᠯᠡᠩ ‍ᠢ ᠬᠠᠮᠲᠤᠪᠡᠷ ᠪᠡᠶᠡᠯᠡᠭᠦᠯᠬᠦ 》 ᠪᠠᠷ ᠵᠣᠷᠢᠯᠭ᠎ᠠ ᠪᠠᠨ ᠪᠣᠯᠭᠠᠭᠰᠠᠨ ᠥᠪᠥᠷ ᠮᠣᠩᠭᠣᠯ ‍ᠤᠨ ᠤᠷᠠᠯᠢᠭᠴᠢᠳ ‍ᠤᠨ ᠰᠦᠯᠵᠢᠶ᠎ᠡ ᠡᠴᠠ ᠳᠠᠭᠠᠭᠠᠴᠢᠯᠠᠨ ᠡᠷᠬᠢᠯᠡᠭᠡ 《 ᠬᠠᠶᠢᠷ᠎ᠠ ᠶ᠋ᠢᠨ ᠤᠷᠠᠢ 》 ᠦᠨᠳᠦᠰᠦᠲᠡᠨ ‍ᠤ ᠰᠡᠳᠦᠪᠲᠦ ᠳᠠᠭᠤᠤ ᠪᠥᠵᠢᠭᠲᠦ ᠵᠦᠴᠦᠭᠡ 7 ᠰᠠᠷ᠎ᠠ ᠶ᠋ᠢᠨ 29 ‍ᠤ ᠣᠷᠣᠢ ᠶ᠋ᠢᠨ 7 ᠄ 30 ᠳ᠋ᠤ ᠬᠥᠬᠡᠬᠣᠲᠠ ᠶ᠋ᠢᠨ ᠷᠠᠳᠢᠣ᠋ ᠲᠸᠯᠸᠢᠰ ᠬᠣᠷᠢᠶ᠎ᠠ ᠶ᠋ᠢᠨ ᠨᠡᠪᠲᠡᠷᠡᠭᠦᠯᠭᠡ ᠶ᠋ᠢᠨ ᠶᠡᠬᠡ ᠲᠢᠩᠬᠢᠮ ᠳ᠋ᠤ  ᠲᠣᠭᠯᠠᠭᠳᠠᠬᠤ ᠪᠠᠷ ᠪᠤᠢ᠃

    《 ᠬᠠᠶᠢᠷ᠎ᠠ ᠶ᠋ᠢᠨ ᠤᠷᠠᠢ 》 ᠵᠥᠴᠥᠭᠡ ᠪᠣᠯ ᠲᠠᠯ᠎ᠠ ᠨᠤᠲᠤᠭ ‍ᠤᠨ  ᠮᠠᠯᠴᠢᠨ ᠲᠦᠮᠡᠨ ‍ᠤ ᠠᠮᠢᠳᠤᠷᠠᠯ ‍ᠤᠨ ᠡᠯ᠎ᠡ ᠲᠠᠯ᠎ᠠ ᠶ᠋ᠢᠨ ᠦᠵᠡᠭᠳᠡᠯ ᠢᠶᠠᠷ ᠰᠡᠳᠦᠪᠯᠡᠭᠦᠨ ᠢᠶᠡᠨ ᠪᠣᠯᠭᠠᠵᠤ᠂ ᠮᠣᠩᠭᠣᠯ ᠦᠨᠳᠦᠰᠦᠲᠡᠨ ‍ᠤ ᠤᠯᠠᠮᠵᠢᠯᠯᠠᠲᠤ ᠵᠠᠩ ᠳᠠᠳᠬᠠᠯ ᠡᠷ᠎ᠡ ᠶ᠋ᠢᠨ ᠭᠤᠷᠪᠠᠨ ᠨᠠᠭᠠᠳᠤᠮ᠂ ᠣᠪᠣᠭᠠᠨ ᠲᠠᠬᠢᠯᠭ᠎ᠠ᠂ ᠲᠥᠳᠡᠭ ᠭᠠᠯ ‍ᠤᠨ ᠨᠠᠶᠢᠷ ᠢᠶᠠᠷ ᠵᠦᠴᠦᠭᠡ ᠪᠠᠨ ᠪᠠᠶᠢᠷᠢᠰᠢᠭᠤᠯᠤᠨ᠂ ᠳᠠᠭᠤᠯᠠᠬᠤ᠂ ᠪᠦᠵᠢᠭᠯᠡᠬᠦ᠂ ᠶᠠᠷᠢᠬᠤ᠂ ᠮᠠᠭᠲᠠᠭᠠᠯ ᠦᠭᠡ ᠬᠡᠯᠡᠬᠦ ᠵᠡᠷᠭᠡ ᠤᠷᠠᠯᠢᠭ ‍ᠤᠨ ᠠᠷᠭ᠎ᠠ ᠪᠠᠷᠢᠯ ᠪᠠ ᠨᠠᠷᠭᠢᠶᠠᠨ ᠬᠦᠷ ᠲᠠᠢ᠂ ᠡᠶ᠎ᠡ ᠨᠠᠶᠢᠷ ᠲᠠᠢ ᠮᠥᠷᠲᠡᠯ᠎ᠡ ᠪᠠᠨ ᠭᠤᠨᠢᠭ ᠵᠣᠪᠠᠭᠤᠷᠢ ᠲᠠᠢ ᠢᠯᠡᠷᠡᠭᠦᠯᠬᠦ ᠠᠷᠭ᠎ᠠ ᠪᠠᠷᠢᠯ ᠢᠶᠠᠷ ᠦᠯᠢᠭᠡᠷ᠂ ᠦᠢᠯᠡ ᠶᠠᠪᠤᠳᠠᠯ ᠢᠶᠡᠨ ᠲᠣᠭᠠᠴᠢᠨ᠂ ᠦᠪ ᠦᠨᠡᠨ ᠬᠠᠶᠢᠷ᠎ᠠ ᠶ᠋ᠢᠨ ᠦᠭᠡ᠂ ᠦᠨᠡᠨᠴᠢᠬᠡᠨ ᠵᠢᠷᠦᠬᠡᠨ ‍ᠤ ᠬᠠᠶᠢᠷ᠎ᠠ ᠶ᠋ᠢᠨ ᠳᠠᠭᠤᠤ ᠪᠠᠷ ᠬᠣᠶᠠᠷ ᠵᠠᠯᠠᠭᠤ ᠶ᠋ᠢᠨ ᠰᠡᠳᠬᠢᠯ ‍ᠤᠨ ᠪᠠᠶᠠᠷ ᠭᠤᠨᠢᠭ ᠬᠢᠭᠡᠳ ᠵᠣᠯ ᠵᠢᠷᠭᠠᠯᠲᠤ ᠠᠮᠢᠳᠤᠷᠠᠯ ‍ᠢ ᠠᠮᠢᠳᠤᠯᠢᠭ ᠵᠢᠷᠤᠭᠯᠠᠭᠰᠠᠨ ᠵᠥᠴᠥᠭᠡ ᠪᠣᠯᠬᠣ ᠶᠤᠮ᠃

      ᠲᠡᠶᠢᠨ ᠬᠦ ᠲᠤᠰ ᠵᠦᠴᠦᠭᠡ ᠶ᠋ᠢ 《 ᠡᠷᠴᠢᠮ 》 ᠤᠷᠠᠯᠢᠭ ᠤᠨ ᠪᠦᠯᠬᠦᠮ ᠦᠨ ᠬᠢᠨ ᠲᠠ ᠪᠦᠬᠦᠨ ᠳ᠋ᠦ ᠪᠡᠨ ᠲᠣᠭᠯᠠᠵᠤ ᠬᠠᠷᠠᠭᠤᠯᠬᠤ ᠪᠣᠯᠣᠨ᠎ᠠ᠃ 《 ᠡᠷᠴᠢᠮ 》 ᠤᠷᠠᠯᠢᠭ ᠤᠨ ᠪᠦᠯᠬᠦᠮ ᠪᠣᠯ ᠮᠣᠩᠭᠣᠯ ᠤᠯᠤᠰ ᠤᠨ ᠨᠡᠷᠡᠲᠦ 《 LORD 》 ᠬᠠᠮᠲᠤᠯᠢᠭ᠂ ᠦᠨᠳᠦᠰᠦᠲᠡᠨ ᠦ ᠬᠠᠮᠲᠤᠯᠢᠭ᠂ ᠳᠠᠭᠤᠯᠠᠬᠤᠢ ᠶ᠋ᠢᠨ ᠬᠠᠮᠲᠤᠯᠢᠭ ᠬᠢᠭᠡᠳ ᠪᠥᠵᠢᠭᠴᠢᠳ ᠢᠶ᠋ᠡᠷ ᠪᠦᠷᠢᠯᠳᠦᠭᠰᠡᠨ ᠳᠡᠭᠡᠳᠦ ᠳᠡᠰ ᠦᠨ ᠤᠷᠠᠯᠢᠭ ᠤᠨ ᠪᠦᠯᠬᠦᠮ ᠪᠣᠯᠬᠣ ᠶᠤᠮ᠃ ᠲᠤᠰ ᠪᠦᠯᠬᠦᠮ ᠮᠠᠨᠢ ᠥᠪᠡᠷ ᠦᠨ ᠭᠡᠰᠡᠨ ᠲᠣᠭᠯᠠᠬᠤ ᠬᠡᠪ ᠨᠠᠮᠪᠠ᠂ ᠲᠣᠭᠯᠠᠬᠤ ᠴᠢᠳᠠᠪᠤᠷᠢ ᠲᠠᠢ ᠪᠥᠭᠡᠳ ᠲᠠᠰᠤᠷᠠᠯᠲᠠ ᠦᠭᠡᠢ ᠰᠢᠨ᠎ᠡ ᠶ᠋ᠢ ᠡᠭᠦᠳᠬᠦ ᠣᠶᠢᠯᠠᠭᠠᠭᠳᠠᠬᠤᠨ ᠴᠢᠩᠭ᠎ᠠ ᠪᠠᠶᠢᠳᠠᠭ ᠢᠶᠠᠷ ᠢᠶᠡᠨ ᠣᠯᠠᠨ ᠡᠴᠠ ᠪᠠᠨ ᠣᠨᠴᠠᠯᠢᠭᠳᠠᠵᠤ᠂ ᠠᠷᠠᠳ ᠲᠦᠮᠡᠨ ᠦ ᠪᠡᠨ ᠰᠡᠳᠬᠢᠯ ᠳ᠋ᠦ ᠬᠦᠷᠦᠭᠰᠡᠨ ᠪᠠᠶᠢᠳᠠᠭ ᠶᠤᠮ᠃  
       ᠲᠣᠭᠯᠠᠯᠲᠠ ᠶ᠋ᠢᠨ ᠴᠠᠭ᠄ 2016 ᠣᠨ ‍ᠤ 7 ᠰᠠᠷ᠎ᠠ ᠶ᠋ᠢᠨ 29 ᠡᠳᠦᠷ ‍ᠤᠨ 19᠄ 30
       ᠲᠣᠭᠯᠠᠯᠲᠠ ᠶ᠋ᠢᠨ ᠭᠠᠵᠠᠷ᠄ ᠬᠥᠬᠡᠬᠣᠲᠠ ᠶ᠋ᠢᠨ ᠷᠠᠳᠢᠣ᠋ ᠲᠸᠯᠸᠢᠰ ᠬᠣᠷᠢᠶ᠎ᠠ ᠶ᠋ᠢᠨ ᠨᠡᠪᠲᠡᠷᠡᠭᠦᠯᠭᠡ ᠶ᠋ᠢᠨ ᠶᠡᠬᠡ ᠲᠢᠩᠭᠢᠮ
ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ