《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠨᠠᠢᠮᠠᠳᠤᠭᠠᠷ ᠬᠡᠰᠡᠭ )

ᠤᠩᠰᠢᠭᠰᠠᠨ ᠤᠳᠠᠭ᠎ᠠ ᠄ 1299    ᠨᠡᠶᠢᠳᠡᠯᠡᠭᠰᠡᠨ ᠴᠠᠭ ᠄ 2016-07-28

                  ᠵᠠᠮᠤᠬ᠎ᠠ ᠲᠠᠢ ᠠᠨᠳᠠ ᠪᠣᠯᠪᠠ
      ᠲᠡᠮᠦᠵᠢᠨ ᠠᠷᠪᠠᠨ ᠨᠢᠭᠡᠨ ᠨᠠᠰᠤᠲᠠᠢ ᠳ᠋ᠠᠭᠠᠨ ᠵᠠᠮᠦᠬ᠎ᠠ ᠲᠠᠢ ᠠᠩᠬ᠎ᠠ ᠤᠳᠠᠭ᠎ᠠ ᠠᠨᠳᠠ ᠪᠣᠯᠪᠠ᠃ ᠲᠡᠷᠡ ᠦᠶ᠎ᠡ ᠳ᠋ᠥ ᠵᠠᠮᠦᠬ᠎ᠠ ᠨᠢᠭᠡᠨ ᠭᠤᠶ᠎ᠠ ᠶ᠋ᠢᠨ ᠱᠠᠭ᠎ᠠ ᠶ᠋ᠢ ᠲᠡᠮᠦᠵᠢᠨ ᠳ᠋ᠥ ᠦᠭᠴᠦ᠂ ᠲᠡᠮᠦᠵᠢᠨ ᠪᠠᠰᠠ ᠨᠢᠭᠡᠨ  ᠳᠤᠭᠤᠯᠭ᠎ᠠ ᠴᠢᠳᠬᠤᠭᠰᠠᠨ ᠱᠠᠭ᠎ᠠ ᠶ᠋ᠢ ᠵᠠᠮᠤᠬ᠎ᠠ ᠳ᠋ᠥ ᠦᠭᠴᠦ᠂ ᠣᠨᠤᠨ ᠮᠦᠷᠡᠨ ᠦ ᠮᠦᠰᠦᠨ ᠳᠡᠭᠡᠷ᠎ᠡ ᠱᠠᠭ᠎ᠠ ᠨᠠᠭᠠᠳᠴᠤ ᠠᠨᠳᠠ ᠪᠣᠯᠤᠯᠴᠠᠪᠠ᠃ ᠲᠡᠭᠦᠨ ᠦ ᠬᠣᠶᠢᠲᠦ ᠬᠠᠪᠤᠷ ᠨᠣᠮᠤ ᠰᠣᠮᠣ ᠬᠠᠷᠪᠤᠵᠤ ᠨᠠᠭᠠᠳᠬᠤ ᠳ᠋ᠥ ᠵᠠᠮᠤᠬ᠎ᠠ᠂ ᠪᠢᠷᠠᠭᠤ ᠶ᠋ᠢᠨ ᠬᠣᠶᠠᠷ ᠡᠪᠡᠷ ᠢ ᠨᠠᠭᠠᠵᠤ ᠨᠦᠬᠡᠯᠡᠵᠤ ᠬᠢᠭᠰᠡᠨ ᠳᠠᠭᠤᠳᠦ ᠰᠣᠮᠣ ᠪᠠᠨ ᠲᠡᠮᠦᠵᠢᠨ ᠳ᠋ᠥ ᠦᠭᠴᠦ᠂ ᠲᠡᠮᠦᠵᠢᠨ ᠠᠷᠴᠠ ᠮᠣᠳᠦ ᠪᠠᠷ ᠬᠢᠭᠰᠡᠨ ᠭᠤᠳᠤᠯᠢ ᠪᠠᠨ ᠵᠠᠮᠦᠬ᠎ᠠ ᠳ᠋ᠥ ᠦᠭᠴᠦ ᠠᠨᠳᠠ ᠪᠣᠯᠤᠯᠴᠠᠪᠠ᠃ ᠬᠤᠶᠠᠷ ᠤᠳᠠᠭ᠎ᠠ ᠠᠨᠳᠠ ᠪᠣᠯᠣᠯᠴᠠᠭᠰᠠᠨ ᠨᠢ ᠡᠶᠢᠮᠦ ᠶᠤᠮ᠃
      ᠲᠡᠭᠦᠨ ᠦ ᠬᠣᠶᠢᠨ᠎ᠠ᠂ ᠲᠡᠮᠦᠵᠢᠨ ᠬᠡᠷᠦᠯᠦᠨ ᠮᠦᠷᠡᠨ ᠦ ᠡᠬᠢ ᠪᠥᠷᠬᠢ ᠡᠷᠭᠢ ᠳ᠋ᠥ ᠨᠤᠲᠤᠭᠯᠠᠨ ᠪᠠᠶᠢᠬᠤ ᠳ᠋ᠥ ᠨᠢᠭᠡᠨ ᠰᠦᠨᠢ ᠭᠤᠷᠪᠠᠨ ᠮᠡᠷᠭᠢᠳ ᠭᠡᠨᠡᠳᠡᠭᠦᠯᠣᠨ ᠳᠠᠭᠠᠷᠢᠵᠤ ᠢᠷᠡᠭᠡᠳ ᠪᠦᠷᠳᠡ ᠦᠵᠢᠨ ᠢ  ᠪᠤᠯᠢᠶᠠᠨ ᠠᠪᠠᠴᠢᠵᠠᠢ᠃ ᠲᠡᠷᠡ ᠲᠤᠬᠠᠢ ᠲᠡᠮᠦᠵᠢᠨ᠂ ᠵᠠᠮᠦᠬ᠎ᠠ ᠳ᠋ᠥ ᠬᠠᠰᠠᠷ ᠪᠡᠯᠭᠦᠳᠠᠢ ᠬᠣᠶᠠᠷ ᠢ ᠢᠯᠡᠭᠡᠵᠤ᠄ 《 ᠥᠰᠲᠦ ᠮᠡᠷᠭᠢᠳ ᠢᠷᠡᠵᠤ᠂ ᠦᠷᠤ ᠶ᠋ᠢ ᠮᠢᠨᠢ ᠡᠪᠡᠳᠬᠡᠪᠡ᠂ ᠡᠪᠦᠷ ᠢ ᠮᠢᠨᠢ ᠬᠣᠭᠣᠰᠤᠯᠠᠪᠠ᠂ ᠦᠮᠦᠭ ᠲᠦᠰᠢᠭ ᠪᠣᠯᠬᠤ᠂ ᠦᠰᠢᠶ᠎ᠡ ᠶ᠋ᠢ ᠠᠪᠴᠤ ᠦᠭᠭᠦᠨᠦ 》 ᠭᠡᠵᠤ ᠬᠡᠯᠡᠭᠦᠯᠪᠡ᠃ ᠡᠳᠡᠭᠡᠷ ᠦᠭᠡᠰ ᠢ ᠰᠣᠨᠣᠰᠤᠭᠠᠳ ᠵᠠᠮᠦᠬ᠎ᠠ᠄ 《 ᠦᠨᠥ ᠲᠡᠮᠦᠵᠢᠨ ᠠᠨᠳᠠ᠂ ᠡᠳᠦᠢ ᠵᠣᠪᠠᠯᠠᠩ ᠪᠡᠷᠬᠡ ᠳ᠋ᠥ᠂ ᠦᠷᠡᠭᠳᠡᠭᠰᠡᠨ ᠢ ᠰᠣᠨᠣᠰᠤᠭᠠᠳ᠂ ᠥᠷᠥ ᠡᠪᠡᠳᠦᠵᠤ᠂ ᠡᠯᠢᠭᠡ ᠡᠮᠲᠡᠷᠡᠵᠤ᠂ ᠡᠮᠬᠢᠨᠡᠨ ᠭᠠᠰᠢᠭᠤᠳᠠᠨ᠎ᠠ᠃ ᠡᠨᠡ ᠦᠰᠢᠶ᠎ᠡ ᠶ᠋ᠢ ᠨᠡᠬᠡᠵᠦ᠂ ᠡᠳᠡᠭᠡᠷ ᠮᠡᠷᠭᠡᠳ ᠠᠶᠢᠮᠠᠭ ᠢ᠂ ᠡᠪᠳᠡᠨ ᠮᠦᠬᠦᠭᠡᠵᠤ᠂ ᠡᠬᠡᠨᠡᠷ ᠪᠦᠷᠳᠡ ᠶ᠋ᠢ᠂ ᠡᠷᠭᠢᠭᠦᠯᠵᠤ ᠠᠪᠴᠢᠷᠠᠶ᠎ᠠ 》 ᠭᠡᠳ ᠬᠤᠶᠡᠷ ᠲᠥᠮᠡᠨ ᠴᠡᠷᠢᠭ ᠳᠠᠶᠢᠴᠢᠯᠠᠵᠤ᠂ ᠪᠤᠳᠤᠬᠠᠨ ᠪᠣᠣᠷᠵᠢ ᠭᠡᠬᠦ ᠭᠠᠵᠠᠷ ᠲᠤ ᠲᠡᠮᠦᠵᠢᠨ ᠪᠠ ᠸᠠᠩ ᠬᠠᠨ ᠭᠤᠷᠪᠠᠭᠤᠯᠠ ᠨᠡᠶᠢᠯᠡᠵᠤ᠂ ᠪᠤᠭᠤᠷ᠎ᠡ ᠬᠡᠭᠡᠷ᠎ᠡ ᠭᠡᠬᠦ ᠭᠠᠵᠠᠷ ᠭᠤᠷᠪᠠᠨ ᠮᠡᠷᠭᠢᠳ ᠢ ᠭᠡᠨᠡᠳᠡᠭᠦᠯᠦᠨ ᠳᠠᠭᠠᠷᠢᠵᠤ ᠦᠨᠡᠰᠦᠨ ᠲᠣᠪᠷᠠᠭ ᠪᠣᠯᠭᠠᠭᠠᠳ᠂  ᠪᠦᠷᠳᠡ ᠦᠵᠢᠨ ᠢ ᠠᠪᠤᠷᠠᠨ ᠭᠠᠷᠭᠠᠪᠠ᠃
      ᠡᠨᠡ ᠤᠳᠠᠭ᠎ᠠ ᠶ᠋ᠢᠨ ᠳᠠᠶᠢᠨ ᠳᠠᠭᠤᠰᠤᠭᠰᠠᠨ ᠤ ᠳᠠᠷᠠᠭ᠎ᠠ᠂ ᠸᠠᠩ ᠬᠠᠨ ᠲᠤᠤᠯᠠ ᠭᠣᠣᠯ ᠤᠨ ᠬᠠᠷ᠎ᠠ ᠰᠢᠭᠤᠢ ᠳ᠋ᠥ ᠪᠤᠴᠠᠪᠠ᠃ ᠲᠡᠮᠦᠵᠢᠨ ᠵᠠᠮᠦᠬ᠎ᠠ ᠬᠤᠶᠡᠷ᠂ ᠬᠤᠷᠬᠤᠨᠠᠭ ᠵᠣᠪᠦᠷ ᠤᠨ ᠬᠦᠨᠳᠢ ᠳ᠋ᠥ  ᠨᠡᠶᠢᠯᠡᠨ ᠪᠠᠭᠤᠵᠤ᠂ ᠡᠷᠲᠡ ᠶ᠋ᠢᠨ ᠠᠨᠳᠠ ᠪᠣᠯᠣᠯᠴᠠᠭᠰᠠᠨ ᠢᠶᠡᠨ ᠳᠤᠷᠠᠳᠴᠤ᠂ ᠲᠡᠮᠦᠵᠢᠨ ᠠᠯᠳᠠᠨ ᠪᠦᠰᠡ ᠪᠡᠨ ᠵᠠᠮᠦᠬ᠎ᠠ ᠳ᠋ᠥ ᠪᠦᠰᠡᠯᠡᠭᠦᠯᠵᠦ᠂ ᠠᠭᠰᠤᠮ ᠬᠠᠯᠢᠭᠤᠨ ᠮᠣᠷᠢ ᠪᠠᠨ ᠵᠠᠮᠦᠬ᠎ᠠ ᠳ᠋ᠥ ᠦᠭᠴᠦ ᠤᠨᠤᠭᠤᠯᠪᠠ᠃ ᠵᠠᠮᠦᠬ᠎ᠠ ᠬᠠᠷᠢᠭᠤ  ᠳ᠋ᠦ᠋ᠨᠢ ᠠᠯᠳᠠᠨ ᠪᠦᠰᠡ ᠪᠡᠨ ᠲᠡᠮᠦᠵᠢᠨ ᠳ᠋ᠥ ᠪᠦᠰᠡᠯᠡᠭᠦᠯᠵᠦ᠂ ᠤᠨᠠᠭᠠᠨ ᠴᠠᠭᠠᠨ ᠮᠣᠷᠢ ᠪᠠᠨ ᠲᠡᠮᠦᠵᠢᠨ ᠳ᠋ᠥ ᠦᠭᠴᠦ ᠤᠨᠤᠭᠤᠯᠪᠠ᠃ ᠢᠩᠭᠡᠭᠡᠳ ᠤᠯᠠᠮ ᠳᠣᠲᠣᠨᠣ ᠪᠣᠯᠣᠯᠴᠠᠵᠤ᠄ ᠬᠤᠷᠬᠤᠨᠠᠭ ᠵᠣᠪᠤᠷ ᠤᠨ ᠬᠦᠨᠳᠡᠢ᠂ ᠬᠤᠯᠳᠠᠭᠠᠷ ᠬᠤᠨ ᠤ ᠥᠪᠥᠷ ᠲᠦ᠂ ᠰᠠᠭᠯᠠᠭᠠᠷ ᠮᠣᠳᠤᠨ ᠤ ᠳᠤᠤᠷ᠎ᠡ᠂ ᠰᠠᠶᠢᠬᠠᠨ ᠬᠤᠷᠢᠮ ᠦᠢᠯᠡᠳᠴᠦ᠂ ᠰᠠᠶᠢᠲᠦᠷ ᠪᠦᠵᠢᠭᠯᠡᠨ ᠵᠢᠷᠭᠠᠵᠤ᠂ ᠰᠠᠨᠠᠭ᠎ᠠ ᠰᠡᠳᠭᠢᠯ ᠨᠢᠭᠡᠳᠴᠦ᠂ ᠰᠠᠶᠢᠨ ᠠᠨᠳᠠ ᠪᠣᠯᠣᠭᠠᠳ ᠨᠢᠭᠡᠨ ᠬᠦᠨᠵᠢᠯᠡ ᠳ᠋ᠥ ᠣᠷᠣᠵᠤ ᠬᠠᠮᠲᠦ ᠬᠣᠨᠤᠬᠤ ᠪᠣᠯᠪᠠ᠃

                 ᠨᠠ‍ · ᠠᠯᠲᠠᠨᠱᠠ ᠶ᠋ᠢᠨ《 ᠮᠣᠩᠭᠣᠯ ᠤᠨ ᠨᠢᠭᠤᠴᠠ

                ᠲᠣᠪᠴᠢᠶᠠᠨ 》 ᠤ ᠰᠣᠩᠭᠣᠮᠠᠯ ᠦᠯᠢᠭᠡᠷ ᠡᠴᠡ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ