《 ᠮᠣᠩᠭᠣᠯ ᠤᠨ ᠨᠢᠭᠤᠴᠠ ᠲᠣᠪᠴᠢᠶᠠᠨ 》 ᠤ ᠰᠣᠩᠭᠣᠮᠠᠯ ᠦᠯᠢᠭᠡᠷ ( ᠳᠣᠯᠣᠳᠤᠭᠠᠷ ᠬᠡᠰᠡᠭ )

ᠤᠩᠰᠢᠭᠰᠠᠨ ᠤᠳᠠᠭ᠎ᠠ ᠄ 1063    ᠨᠡᠶᠢᠳᠡᠯᠡᠭᠰᠡᠨ ᠴᠠᠭ ᠄ 2016-07-28

                    ᠸᠠᠩ ᠬᠠᠨ ᠲᠠᠢ ᠬᠣᠯᠪᠣᠭᠠᠯᠠᠪᠠ
      1178 ᠣᠨ ᠳ᠋ᠤ᠂ ᠲᠡᠮᠦᠵᠢᠨ ᠬᠣᠩᠭᠢᠷᠠᠳ ᠠᠶᠢᠮᠠᠭ ᠤᠨ ‍ᠳᠠᠢ ᠰᠡᠴᠡᠨ ᠦ ᠦᠬᠢᠨ ᠪᠦᠷᠲᠡ ᠦᠵᠢᠨ ᠲᠠᠢ ᠤᠷᠤᠭᠯᠠᠵᠠᠢ᠃ ᠲᠡᠷᠡ ᠲᠤᠬᠠᠢ ᠪᠦᠷᠲᠡ ᠦᠵᠢᠨ ᠦ ᠡᠬᠡ ᠵᠦᠳᠠᠢ᠂ ᠬᠡᠣᠬᠡᠨ ᠤ ᠪᠠᠨ ᠵᠠᠰᠠᠯ ᠪᠣᠯᠭᠠᠵᠣ ᠨᠢᠭᠡᠨ ᠬᠠᠷ᠎ᠠ ᠪᠤᠯᠠᠭ᠎ᠠ ᠶ᠋ᠢᠨ ᠠᠷᠠᠰᠣᠨ ᠳᠠᠬᠤ ᠥᠭᠪᠡ᠃ ᠬᠣᠯᠠ ᠶ᠋ᠢᠨ ᠪᠣᠳᠣᠯᠭ᠎ᠠ ᠲᠠᠢ ᠲᠡᠮᠦᠵᠢᠨ᠂ ᠡᠴᠢᠬᠡ ᠶ᠋ᠢᠨ ᠢᠶ᠋ᠡᠨ ᠠᠨᠳᠠ ᠪᠠᠶᠢᠭᠰᠠᠨ ᠬᠡᠷᠡᠶᠢᠳ ᠦᠨ ᠸᠠᠩ ᠬᠠᠨ ᠲᠠᠢ ᠬᠣᠯᠪᠣᠭ᠎ᠠ ᠪᠠᠶᠢᠭᠤᠯᠬᠤ ᠶ᠋ᠢᠨ ᠲᠦᠯᠦᠭᠡ᠂ ᠲᠡᠷᠡᠬᠦ ᠬᠠᠷ᠎ᠠ ᠪᠤᠯᠠᠭ᠎ᠠ ᠶ᠋ᠢᠨ ᠠᠷᠠᠰᠤᠨ ᠳᠠᠬᠤ ᠶ᠋ᠢ ᠬᠦᠷᠭᠡᠵᠦ ᠣᠴᠢᠭᠠᠳ᠄《 ᠡᠴᠢᠬᠡ ᠶ᠋ᠢᠨ ᠮᠢᠨᠢ ᠰᠠᠶᠢᠨ ᠠᠨᠳᠠ᠂ ᠬᠠᠨ ᠡᠴᠢᠬᠡ ᠲᠠᠨ ᠳ᠋ᠤ ᠬᠤᠷᠢᠮ ᠤᠨ ᠪᠡᠯᠡᠭ ᠡᠴᠡ ᠬᠠᠷ᠎ᠠ ᠪᠤᠯᠠᠭ᠎ᠠ ᠶ᠋ᠢᠨ ᠳᠠᠬᠤ ᠶ᠋ᠢ ᠬᠦᠷᠭᠡᠵᠦ ᠢᠷᠡᠪᠡ᠂ ᠴᠠᠮᠨᠠᠯ ᠦᠭᠡᠢ ᠬᠦᠯᠢᠶᠡᠨ ᠠᠪᠬᠤ ᠪᠣᠯᠪᠠᠣ》ᠭᠡᠪᠡ᠃
       ᠸᠠᠩ ᠬᠠᠨ ᠰᠣᠨᠣᠰᠣᠭᠠᠳ ᠮᠠᠰᠢ ᠪᠠᠶᠠᠷᠯᠠᠵᠤ᠄《 ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠬᠠᠭᠠᠴᠠᠭᠰᠠᠨ ᠤᠯᠤᠰ ᠢ ᠴᠢᠨᠢ ᠬᠠᠮᠲᠤᠳᠬᠠᠵᠤ ᠦᠭᠭᠦᠶ᠎ᠡ᠂ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠪᠤᠲᠠᠷᠠᠭᠰᠠᠨ ᠤᠯᠤᠰ ᠢ ᠴᠢᠨᠢ ᠪᠦᠭᠡᠮᠨᠡᠷᠡᠭᠦᠯᠵᠦ ᠦᠭᠭᠦᠶ᠎ᠡ 》ᠭᠡᠪᠡ᠃ ᠲᠡᠮᠦᠵᠢᠨ ᠸᠠᠩ ᠬᠠᠭᠠᠨ ᠤ ᠲᠡᠨᠳᠡ ᠡᠴᠡ ᠪᠤᠴᠠᠨ ᠢᠷᠡᠭᠡᠳ᠂ ᠬᠡᠷᠦᠯᠦᠨ ᠭᠣᠣᠯ ᠤᠨ ᠡᠬᠢᠨ ‍ᠳᠡᠬᠢ ᠪᠦᠷᠬᠡ ᠡᠷᠭᠢ ᠳ᠋ᠦ ᠨᠤᠲᠤᠭᠯᠠᠵᠤ ᠪᠠᠶᠢᠲᠠᠯ᠎ᠠ᠂ ᠡᠴᠢᠬᠡ ᠶ᠋ᠢᠨ ᠬᠢᠨᠢ ᠦᠰᠲᠡᠨ ᠭᠤᠷᠪᠠᠨ ᠮᠡᠷᠭᠢᠳ ᠰᠦᠨᠢ ᠪᠡᠷ ᠳᠣᠪᠲᠣᠯᠣᠨ ᠢᠷᠡᠭᠡᠳ᠂ ᠪᠦᠷᠲᠡ ᠦᠵᠢᠨ ᠢ ᠪᠤᠯᠢᠶᠠᠨ ᠠᠪᠠᠴᠢᠪᠠ᠃ ᠲᠡᠮᠦᠵᠢᠨ ᠭᠤᠷᠪᠠᠨ ᠮᠡᠷᠭᠢᠳ ᠢ ᠤᠰᠠᠳᠬᠠᠬᠤ ᠬᠦᠴᠦᠨ ᠮᠡᠭᠦᠰᠳᠡᠬᠦ ‍ᠳᠡᠭᠡᠨ ᠲᠤᠤᠯᠠ ᠭᠣᠣᠯ ‍ᠤᠨ ᠬᠠᠷ᠎ᠠ ᠰᠢᠭᠤᠢ ᠳ᠋ᠤ ᠨᠤᠲᠤᠭᠯᠠᠵᠤ ᠪᠠᠶᠢᠭᠰᠠᠨ ᠸᠠᠩ ᠬᠠᠨ ᠢ ᠡᠷᠢᠵᠦ ᠣᠴᠢᠭᠠᠳ᠄《 ᠭᠤᠷᠪᠠᠨ ᠮᠡᠷᠭᠢᠳ ᠰᠦᠨᠢ ᠪᠡᠷ ᠭᠡᠨᠡᠳᠡᠭᠦᠯᠦᠨ ᠳᠠᠭᠠᠷᠢᠵᠤ ᠭᠡᠷᠭᠡᠢ ᠶ᠋ᠢ ᠮᠢᠨᠢ ᠪᠤᠯᠢᠶᠠᠵᠤ ᠠᠪᠠᠴᠢᠪᠠ᠃ ᠰᠠᠶᠢᠨ ᠬᠠᠨ ᠡᠴᠢᠬᠡ ᠮᠢᠨᠢ ᠠᠪᠤᠷᠠᠨ ᠭᠠᠷᠭᠠᠵᠤ ᠦᠭᠭᠦᠨ᠎ᠡ ᠤᠣ 》ᠭᠡᠵᠦ ᠭᠤᠶᠤᠪᠠ᠃ ᠸᠠᠩ ᠬᠠᠨ᠄《 ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠬᠠᠭᠠᠴᠠᠭᠰᠠᠨ ᠤᠯᠤᠰ ᠢ ᠴᠢᠨᠢ ᠬᠠᠮᠲᠤᠳᠬᠠᠵᠤ ᠦᠭᠭᠦᠶ᠎ᠡ᠂ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠪᠤᠲᠠᠷᠠᠭᠰᠠᠨ ᠤᠯᠤᠰ ᠢ ᠴᠢᠨᠢ ᠪᠦᠭᠡᠮᠨᠡᠷᠡᠭᠦᠯᠵᠦ ᠦᠭᠭᠦᠶ᠎ᠡ 》ᠭᠡᠵᠦ ᠬᠡᠯᠡᠭᠰᠡᠨ ᠪᠢᠰᠢᠦ᠂ ᠣᠳᠣ ᠲᠡᠷᠡ ᠦᠭᠡᠨ ᠳᠡᠬᠡᠨ ᠬᠦᠷᠴᠦ ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠬᠠᠮᠤᠭ ᠮᠡᠷᠭᠢᠳ ᠢ ᠬᠠᠮᠬ᠎ᠠ ᠴᠣᠬᠢᠵᠤ᠂ ᠬᠠᠲᠤᠨ ᠪᠦᠷᠲᠡ ᠶ᠋ᠢ ᠴᠢᠨᠢ ᠬᠠᠷᠢᠭᠤᠯᠵᠤ ᠠᠪᠴᠢᠷᠠᠶ᠎ᠠ᠃ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ ᠪᠦᠭᠦᠳᠡ ᠮᠡᠷᠭᠢᠳ ᠢ ᠪᠦᠷᠢᠯᠭᠡᠨ ᠳᠣᠪᠲᠣᠯᠵᠣ᠂ ᠪᠦᠷᠲᠡ ᠦᠵᠢᠨ ᠢ ᠴᠢᠨᠢ ᠪᠤᠴᠠᠭᠠᠵᠤ ᠦᠭᠭᠦᠶ᠎ᠡ᠃ ᠴᠢ ᠵᠠᠮᠤᠬ᠎ᠠ ᠳᠡᠭᠦᠦ ᠳ᠋ᠦ ᠬᠡᠯᠡᠵᠦ ᠥᠭ᠂ ᠵᠠᠮᠤᠬ᠎ᠠ ᠳᠡᠭᠦᠦ ᠬᠤᠷᠬᠤᠨᠠᠭ ᠵᠣᠪᠣᠷ ᠭᠡᠬᠦ ᠭᠠᠵᠠᠷ ᠲᠤ ᠪᠣᠢ᠃ ᠪᠢ ᠡᠨᠳᠡ ᠡᠴᠡ ᠬᠣᠶᠠᠷ ᠲᠦᠮᠡᠨ ᠴᠡᠷᠢᠭ ᠠᠪᠴᠤ ᠪᠠᠷᠠᠭᠤᠨ ᠭᠠᠷ ᠪᠣᠯᠣᠨ ᠮᠣᠷᠳᠠᠶ᠎ᠠ᠃ ᠵᠠᠮᠤᠬ᠎ᠠ ᠳᠡᠭᠦᠦ ᠬᠣᠶᠠᠷ ᠲᠦᠮᠡᠨ ᠴᠡᠷᠢᠭ ᠠᠪᠴᠤ ᠵᠡᠭᠦᠨ ᠭᠠᠷ ᠪᠣᠯᠣᠨ ᠮᠣᠷᠢᠯᠠᠭ᠃ ᠪᠢᠳᠡᠨ ᠦ ᠤᠴᠠᠷᠠᠬᠤ ᠪᠣᠯᠵᠣᠭ᠎ᠠ ᠶ᠋ᠢ ᠵᠠᠮᠤᠬ᠎ᠠ ᠲᠣᠭᠲᠠᠭᠠᠲᠤᠭᠠᠢ 》ᠭᠡᠪᠡ᠃ ᠲᠡᠮᠦᠵᠢᠨ ᠭᠡᠷ ᠲᠡᠭᠡᠨ ᠢᠷᠡᠭᠡᠳ ᠬᠠᠰᠠᠷ ᠪᠡᠯᠭᠦᠳᠡᠢ ᠬᠣᠶᠠᠷ ᠢ ᠵᠠᠮᠤᠬ᠎ᠠ ᠶ᠋ᠢᠨ ᠳᠡᠷᠭᠡᠲᠡ ᠢᠯᠡᠭᠡᠵᠦ᠂ ᠸᠠᠩ ᠬᠠᠨ ᠤ ᠦᠭᠡ ᠶ᠋ᠢ ᠤᠯᠠᠮᠵᠢᠯᠠᠭᠤᠯᠪᠠ᠃
       ᠵᠠᠮᠤᠬ᠎ᠠ ᠄《 ᠸᠠᠩ ᠬᠠᠨ ᠠᠬ᠎ᠠ ᠮᠣᠷᠳᠠᠵᠤ᠂ ᠪᠣᠷᠬᠠᠨ ᠬᠠᠯᠲᠤᠨ ᠤ ᠦᠪᠦᠷ ᠢᠶ᠋ᠡᠷ ᠲᠡᠮᠦᠵᠢᠨ ᠠᠨᠳᠠ ᠶ᠋ᠢ ᠳᠠᠭᠠᠷᠢᠵᠤ ᠠᠪᠤᠭᠠᠳ ᠣᠨᠣᠨ ᠮᠦᠷᠡᠨ ᠦ ᠡᠬᠢ ᠪᠣᠲᠣᠬᠠᠨ ᠪᠣᠣᠷᠵᠢ ᠭᠡᠬᠦ ᠭᠠᠵᠠᠷ ᠢᠷᠡᠭᠲᠦᠨ᠃ ᠪᠢ ᠡᠨᠳᠡ ᠡᠴᠡ ᠨᠢᠭᠡ ᠲᠦᠮᠡᠨ ᠴᠡᠷᠢᠭ ᠠᠪᠴᠤ ᠮᠣᠷᠳᠠᠭᠠᠳ ᠵᠠᠮ ᠳ᠋ᠤ ᠣᠨᠣᠨ ᠮᠦᠷᠡᠨ ᠳ᠋ᠦ ᠨᠤᠲᠤᠭᠯᠠᠵᠤ ᠪᠠᠶᠢᠭ᠎ᠠ ᠲᠡᠮᠦᠵᠢᠨ ᠠᠨᠳᠠ ᠶ᠋ᠢᠨ ᠬᠠᠷᠢᠶᠠᠲᠤ ᠨᠠᠷ ᠡᠴᠠ ᠪᠠᠰᠠ ᠨᠢᠭᠡ ᠲᠦᠮᠡᠨ ᠴᠡᠷᠢᠭ ᠠᠪᠴᠤ ᠪᠦᠭᠦᠳᠡ ᠬᠣᠶᠠᠷ ᠲᠦᠮᠡᠨ ᠴᠡᠷᠢᠭ ᠪᠣᠯᠣᠭᠠᠳ ᠪᠣᠳᠣᠬᠠᠨ ᠪᠣᠣᠷᠵᠢ ᠳ᠋ᠤ ᠣᠴᠢᠵᠤ ᠨᠡᠶᠢᠯᠡᠶ᠎ᠡ 》ᠭᠡᠵᠦ ᠬᠡᠯᠡᠵᠦ ᠶᠠᠪᠤᠭᠤᠯᠪᠠ᠃ ᠲᠡᠮᠦᠵᠢᠨ᠂ ᠸᠠᠩ ᠬᠠᠨ᠂ ᠵᠠᠮᠤᠬ᠎ᠠ ᠭᠤᠷᠪᠠᠭᠤᠯᠠ ᠪᠣᠯᠵᠣᠭᠰᠠᠨ ᠶᠣᠰᠣᠭᠠᠷ ᠲᠤᠰ ᠲᠣᠰ ᠤᠨ ᠴᠡᠷᠢᠭ ᠢᠶ᠋ᠡᠨ ᠳᠠᠶᠢᠴᠢᠯᠠᠵᠤ᠂ ᠲᠣᠭᠲᠠᠭᠰᠠᠨ ᠭᠠᠵᠠᠷ  ᠲᠠᠭᠠᠨ ᠠᠭᠤᠯᠵᠠᠭᠠᠳ ᠪᠤᠯᠭᠤᠷᠠ ᠬᠡᠭᠡᠷ᠎ᠡ ᠭᠡᠬᠦ ᠭᠠᠵᠠᠷ ᠭᠤᠷᠪᠠᠨ ᠮᠡᠷᠭᠢᠳ ᠢ ᠭᠡᠨᠡᠳᠡᠭᠦᠯᠦᠨ ᠳᠠᠭᠠᠷᠢᠵᠤ᠂ ᠦᠨᠡᠰᠦᠨ ᠲᠣᠪᠷᠠᠭ ᠪᠣᠯᠭᠠᠭᠠᠳ᠂ ᠪᠦᠷᠲᠡ ᠦᠵᠢᠨ ᠢ ᠣᠯᠵᠣ ᠠᠪᠴᠢᠷᠠᠪᠠ᠃ ᠲᠡᠭᠦᠨ ᠡᠴᠡ ᠬᠣᠶᠢᠰᠢ᠂ ᠲᠡᠮᠦᠵᠢᠨ᠂ ᠸᠠᠩ ᠬᠠᠨ ᠬᠣᠶᠠᠭᠣᠯᠠ ᠡᠴᠢᠬᠡ ᠬᠦᠪᠡᠭᠦᠨ ᠪᠣᠯᠣᠯᠴᠠᠵᠤ᠂ ᠪᠠᠲᠤ ᠪᠡᠬᠢ ᠬᠣᠯᠪᠣᠭ᠎ᠠ ᠪᠠᠶᠢᠭᠤᠯᠤᠭᠠᠳ᠂ ᠮᠣᠩᠭᠣᠯ ᠤᠨ ᠣᠯᠠᠨ ᠬᠦᠴᠦᠷᠬᠡᠭ ᠠᠶᠢᠮᠠᠭ ᠤᠳ ᠢ ᠨᠢᠭᠡᠳᠬᠡᠵᠡᠢ᠃

              ᠨᠠ‍ · ᠠᠯᠲᠠᠨᠱᠠ ᠶ᠋ᠢᠨ《 ᠮᠣᠩᠭᠣᠯ ᠤᠨ ᠨᠢᠭᠤᠴᠠ

               ᠲᠣᠪᠴᠢᠶᠠᠨ 》 ᠤ ᠰᠣᠩᠭᠣᠮᠠᠯ ᠦᠯᠢᠭᠡᠷ ᠡᠴᠡ ᠬᠡᠰᠡᠭᠯᠡᠪᠡ᠃

ᠢᠷᠡᠯᠳᠡ᠄ ᠲᠡᠭᠷᠢ ᠲᠠᠯ᠎ᠠ ᠳᠠᠭᠤᠤ ᠬᠥᠭᠵᠢᠮ ᠦᠨ ᠰᠦᠯᠵᠢᠶ᠎ᠡ ᠬᠠᠷᠢᠭᠤᠴᠠᠭᠰᠠᠨ ᠨᠠᠶᠢᠷᠠᠭᠤᠯᠤᠭᠴᠢ ᠄ ᠨᠠᠪᠴᠢ